论文信息


题名 《 ᠲᠠᠷᠢᠭᠠᠩᠭ᠎ᠠ》 ᠬᠡᠮᠡᠬᠦ ᠨᠡᠷ ᠠ ᠶᠢᠨ ᠲᠤᠬᠠᠢ ᠨᠢᠭᠡᠨ ᠰᠠᠨᠠᠯ
作者 ᠳ᠂ ᠢᠳᠡᠷ
关键词 ᠲᠠᠷᠢ; ᠭᠠᠩᠭ᠎ᠠ; ᠲᠠᠷᠢᠭᠠᠩᠭ᠎ᠠ
摘要 ᠲᠡᠦᠭᠡ ᠶᠢᠨ ᠰᠤᠷᠪᠤᠯᠵᠢ ᠪᠢᠴᠢᠭ ᠤᠳ ᠤᠨ ᠮᠡᠳᠡᠭᠡ ᠪᠠᠷᠢᠮᠲᠠ ᠡᠴᠡ ᠦᠵᠡᠪᠡᠯ 《 ᠲᠠᠷᠢᠭᠠᠩᠭ᠎ᠠ》 ᠬᠡᠮᠡᠬᠦ ᠨᠡᠷ ᠠ ᠨᠢ 17ᠳ᠋ᠤᠭᠠᠷ ᠵᠠᠭᠤᠨ ᠤ ᠰᠡᠭᠦᠯ ᠦᠶᠡᠰ ᠲᠡᠦᠭᠡᠨ ᠳ᠋ᠤ ᠲᠡᠮᠳᠡᠭᠡᠯᠡᠭᠳᠡᠬᠦ ᠪᠤᠯᠵᠠᠢ᠃ ᠡᠡᠨ ᠬᠦ ᠨᠡᠷ ᠠ ᠨᠢ ᠲᠡᠦᠭᠡᠨ ᠴᠠᠭ ᠬᠤᠭᠤᠴᠠᠭᠠᠨ ᠤ ᠶᠠᠪᠤᠴᠠ ᠳ᠋ᠤ ᠮᠣᠩᠭᠤᠯ ᠤᠷᠤᠨ ᠤ ᠵᠡᠬᠦᠨ ᠡᠮᠦᠨᠡᠳᠤ ᠬᠢᠵᠠᠭᠠᠷ ᠤᠨ ᠨᠢᠭᠡᠭᠡᠨ ᠬᠡᠰᠡᠭ ᠭᠠᠵᠠᠷ ᠨᠤᠲᠤᠭ ᠤᠨ ᠨᠡᠷ ᠠ( ᠲᠠᠷᠢᠭᠠᠩᠭ᠎ᠠ ᠨᠤᠲᠤᠭ)᠂ ᠡᠨᠡ ᠬᠦ ᠭᠠᠵᠠᠷ ᠨᠤᠲᠤᠭ ᠲᠡᠭᠡᠷ ᠠ ᠲᠤᠳᠤᠷᠬᠠᠢ ᠵᠤᠷᠢᠯᠭ᠎ᠠ ᠪᠡᠷ ᠨᠤᠲᠤᠭᠰᠢᠭᠤᠯᠤᠭᠰᠠᠨ ᠮᠠᠯ ᠰᠦᠷᠦᠭ ᠤᠨ ᠨᠡᠷ ᠠ( ᠲᠠᠷᠢᠭᠠᠩᠭ᠎ᠠ ᠶᠢᠨ ᠰᠦᠷᠦᠭ)᠂ ᠲᠡᠷᠡ ᠭᠦ ᠮᠠᠯ ᠰᠦᠷᠦᠭ ᠢ ᠠᠳᠤᠭᠤᠯᠤᠨ ᠬᠠᠷᠢᠭᠤᠯᠬᠤ ᠠᠯᠪᠠ ᠵᠢ ᠵᠠᠯᠭᠠᠭᠤᠯᠬᠤ ᠪᠡᠷ ᠢᠷᠡᠭᠰᠡᠨ ᠬᠦᠮᠦᠨ ᠠᠷᠠᠳ  ᠡᠴᠡ ᠪᠦᠷᠢᠯᠳᠦᠭᠰᠡᠨ ᠰᠢᠨ᠎ᠠ ᠤᠭᠰᠠᠭᠠᠲᠠᠨ ᠤ ᠨᠡᠷ ᠠ ᠪᠤᠶᠤ ᠲᠠᠷᠢᠭᠠᠩᠭ᠎ᠠ ᠤᠭᠰᠠᠭᠠᠲᠠᠨ ᠪᠤᠯᠵᠠᠢ᠃ ᠲᠤᠰ ᠦᠭᠦᠯᠡᠯ ᠳ᠋ᠤ ᠲᠠᠷᠢᠭᠠᠩᠭ᠎ᠠ ᠬᠡᠮᠡᠬᠦ ᠨᠡᠷ ᠠ ᠶᠢᠨ ᠡᠭᠦᠰᠦᠯ ᠭᠠᠷᠤᠯ ᠤᠨ ᠲᠤᠬᠠᠢ ᠠᠰᠠᠭᠤᠳᠠᠯ ᠢ ᠲᠠᠬᠢᠨ ᠨᠢᠭᠲᠠᠯᠠᠨ ᠦᠵᠡᠵᠦ᠂ ᠦᠪᠡᠷ ᠤᠨ ᠰᠠᠨᠠᠯ ᠳᠦᠩᠩᠡᠯᠲᠡ ᠪᠠᠨ ᠲᠡᠪᠰᠢᠬᠦᠯᠬᠦ ᠵᠢ ᠵᠤᠷᠢᠭᠰᠠᠨ ᠶᠣᠮ᠃
原文 查看原文
出自 内蒙古大学学报 2021年 第3期

联系我们


内蒙古大学图书馆
呼和浩特市大学西路235号
中国·内蒙古
P: (0471) 4992561
E: huangfeilong@imu.edu.cn