摘要 |
ᠲᠡᠦᠭᠡ ᠶᠢᠨ ᠰᠤᠷᠪᠤᠯᠵᠢ ᠪᠢᠴᠢᠭ ᠤᠳ ᠤᠨ ᠮᠡᠳᠡᠭᠡ ᠪᠠᠷᠢᠮᠲᠠ ᠡᠴᠡ ᠦᠵᠡᠪᠡᠯ 《 ᠲᠠᠷᠢᠭᠠᠩᠭ᠎ᠠ》 ᠬᠡᠮᠡᠬᠦ ᠨᠡᠷ ᠠ ᠨᠢ 17ᠳ᠋ᠤᠭᠠᠷ ᠵᠠᠭᠤᠨ ᠤ ᠰᠡᠭᠦᠯ ᠦᠶᠡᠰ ᠲᠡᠦᠭᠡᠨ ᠳ᠋ᠤ ᠲᠡᠮᠳᠡᠭᠡᠯᠡᠭᠳᠡᠬᠦ ᠪᠤᠯᠵᠠᠢ᠃ ᠡᠡᠨ ᠬᠦ ᠨᠡᠷ ᠠ ᠨᠢ ᠲᠡᠦᠭᠡᠨ ᠴᠠᠭ ᠬᠤᠭᠤᠴᠠᠭᠠᠨ ᠤ ᠶᠠᠪᠤᠴᠠ ᠳ᠋ᠤ ᠮᠣᠩᠭᠤᠯ ᠤᠷᠤᠨ ᠤ ᠵᠡᠬᠦᠨ ᠡᠮᠦᠨᠡᠳᠤ ᠬᠢᠵᠠᠭᠠᠷ ᠤᠨ ᠨᠢᠭᠡᠭᠡᠨ ᠬᠡᠰᠡᠭ ᠭᠠᠵᠠᠷ ᠨᠤᠲᠤᠭ ᠤᠨ ᠨᠡᠷ ᠠ( ᠲᠠᠷᠢᠭᠠᠩᠭ᠎ᠠ ᠨᠤᠲᠤᠭ)᠂ ᠡᠨᠡ ᠬᠦ ᠭᠠᠵᠠᠷ ᠨᠤᠲᠤᠭ ᠲᠡᠭᠡᠷ ᠠ ᠲᠤᠳᠤᠷᠬᠠᠢ ᠵᠤᠷᠢᠯᠭ᠎ᠠ ᠪᠡᠷ ᠨᠤᠲᠤᠭᠰᠢᠭᠤᠯᠤᠭᠰᠠᠨ ᠮᠠᠯ ᠰᠦᠷᠦᠭ ᠤᠨ ᠨᠡᠷ ᠠ( ᠲᠠᠷᠢᠭᠠᠩᠭ᠎ᠠ ᠶᠢᠨ ᠰᠦᠷᠦᠭ)᠂ ᠲᠡᠷᠡ ᠭᠦ ᠮᠠᠯ ᠰᠦᠷᠦᠭ ᠢ ᠠᠳᠤᠭᠤᠯᠤᠨ ᠬᠠᠷᠢᠭᠤᠯᠬᠤ ᠠᠯᠪᠠ ᠵᠢ ᠵᠠᠯᠭᠠᠭᠤᠯᠬᠤ ᠪᠡᠷ ᠢᠷᠡᠭᠰᠡᠨ ᠬᠦᠮᠦᠨ ᠠᠷᠠᠳ ᠡᠴᠡ ᠪᠦᠷᠢᠯᠳᠦᠭᠰᠡᠨ ᠰᠢᠨ᠎ᠠ ᠤᠭᠰᠠᠭᠠᠲᠠᠨ ᠤ ᠨᠡᠷ ᠠ ᠪᠤᠶᠤ ᠲᠠᠷᠢᠭᠠᠩᠭ᠎ᠠ ᠤᠭᠰᠠᠭᠠᠲᠠᠨ ᠪᠤᠯᠵᠠᠢ᠃ ᠲᠤᠰ ᠦᠭᠦᠯᠡᠯ ᠳ᠋ᠤ ᠲᠠᠷᠢᠭᠠᠩᠭ᠎ᠠ ᠬᠡᠮᠡᠬᠦ ᠨᠡᠷ ᠠ ᠶᠢᠨ ᠡᠭᠦᠰᠦᠯ ᠭᠠᠷᠤᠯ ᠤᠨ ᠲᠤᠬᠠᠢ ᠠᠰᠠᠭᠤᠳᠠᠯ ᠢ ᠲᠠᠬᠢᠨ ᠨᠢᠭᠲᠠᠯᠠᠨ ᠦᠵᠡᠵᠦ᠂ ᠦᠪᠡᠷ ᠤᠨ ᠰᠠᠨᠠᠯ ᠳᠦᠩᠩᠡᠯᠲᠡ ᠪᠠᠨ ᠲᠡᠪᠰᠢᠬᠦᠯᠬᠦ ᠵᠢ ᠵᠤᠷᠢᠭᠰᠠᠨ ᠶᠣᠮ᠃ |