题名 |
ᠮᠣᠩᠭᠤᠯ ᠬᠡᠯᠡᠨ ᠤ ᠦᠭᠡᠰ ᠤᠨ ᠤᠶᠠᠯᠳᠤᠯ ᠤᠨ ᠰᠦᠯᠵᠢᠶ ᠠ ᠪᠠᠢᠭᠤᠯᠬᠤ ᠲᠤᠷᠰᠢᠯᠲᠠ ᠰᠣᠳᠤᠯᠭᠠᠨ |
作者 |
ᠬᠦᠩ ᠶᠠᠨ ᠯᠢ; ᠦᠷᠯᠦᠭ; ᠰ᠂ ᠯᠤᠭᠯᠤ |
关键词 |
ᠮᠣᠩᠭᠤᠯ ᠬᠡᠯᠡ; ᠦᠭᠡᠰ ᠤᠨ ᠤᠶᠠᠯᠳᠤᠯ ᠤᠨ ᠰᠦᠯᠵᠢᠶ ᠠ; ᠪᠤᠲᠤᠯᠢᠶᠠᠨᠲᠤ ᠰᠦᠯᠵᠢᠶ ᠠ |
摘要 |
ᠦᠭᠡᠰ ᠤᠨ ᠤᠶᠠᠯᠳᠤᠯ ᠤᠨ ᠰᠦᠯᠵᠢᠶ ᠠ ᠭᠡᠳᠡᠭ ᠨᠢ ᠪᠤᠳᠤᠯᠢᠶᠠᠨᠲᠤ ᠰᠦᠯᠵᠢᠶᠠᠨ ᠤ ᠠᠷᠭ᠎ᠠ ᠪᠡᠷ ᠬᠡᠯᠡᠨ ᠤ ᠮᠠᠲ᠋ᠸᠷᠢᠶᠠᠯ ᠳ᠋ᠤ ᠬᠢ ᠦᠭᠡᠰ ᠤᠨ ᠬᠤᠭᠤᠷᠤᠨᠳᠤᠬᠢ ᠤᠶᠠᠯᠳᠤᠨ ᠨᠡᠢᠯᠡᠬᠦ ᠬᠠᠷᠢᠴᠠᠭ᠎ᠠ ᠵᠢ ᠦᠵᠡᠬᠦᠬᠦ ᠪᠡᠷ ᠲᠠᠮᠵᠢᠨ ᠬᠡᠯᠡᠨ ᠤ ᠨᠡᠢᠲᠡᠯᠢᠭ ᠰᠢᠨᠵᠢ ᠵᠢ ᠬᠠᠷᠠᠭᠤᠯᠳᠠᠭ ᠨᠢᠭᠡ ᠵᠦᠢᠯ ᠤᠨ ᠰᠦᠯᠵᠢᠶ ᠠ ᠪᠤᠯᠤᠨ᠎ᠠ᠃ ᠦᠭᠡᠰ ᠤᠨ ᠤᠶᠠᠯᠳᠤᠯ ᠤᠨ ᠰᠦᠯᠵᠢᠢ ᠠ ᠵᠢ ᠪᠦᠲᠦᠭᠡᠨ ᠪᠠᠢᠭᠤᠯᠬᠤ ᠨᠢ ᠮᠣᠩᠭᠤᠯ ᠬᠡᠯᠡᠨ ᠤ ᠲᠸᠺᠰᠲ ᠬᠠᠷᠭᠤᠭᠤᠯᠭ᠎ᠠ᠂ ᠮᠠᠰᠢᠨ ᠤᠷᠴᠢᠭᠤᠯᠭ᠎ᠠ᠂ OCR ᠤᠨ ᠬᠤᠵᠢᠭᠤ ᠰᠢᠢᠳᠪᠦᠷᠢᠯᠡᠯᠲᠡ᠂ ᠠᠪᠢᠶ ᠠ ᠨᠡᠢᠯᠡᠬᠦᠯᠬᠦ ᠵᠡᠷᠭᠡ ᠲᠠᠯ ᠠ ᠶᠢᠨ ᠰᠣᠳᠤᠯᠭᠠᠨ ᠳ᠋ᠤ ᠬᠡᠯᠡᠨ ᠤ ᠣᠷᠴᠢᠨ ᠤ ᠮᠡᠳᠡᠯᠭᠡ ᠵᠢ ᠬᠠᠩᠭᠠᠨ ᠦᠭᠴᠦ ᠪᠤᠯᠳᠠᠭ᠃ ᠦᠭᠦᠯᠡᠯ ᠳ᠋ᠤ᠂ ᠤᠷᠢᠳ ᠢᠢᠡᠷ ᠦᠪᠦᠷ ᠮᠣᠩᠭᠤᠯ ᠤᠨ ᠶᠡᠬᠡ ᠰᠤᠷᠭᠠᠭᠤᠯᠢ ᠶᠢᠨ ᠪᠠᠢᠭᠤᠯᠤᠭᠰᠠᠨ 100 ᠲᠦᠮᠡᠨ ᠦᠭᠡ ᠲᠠᠢ 《 ᠤᠳᠤ ᠦᠶ᠎ᠠ ᠶᠢᠨ ᠮᠣᠩᠭᠤᠯ ᠬᠡᠯᠡᠨ ᠤ ᠮᠠᠲ᠋ᠸᠷᠢᠶᠠᠯ ᠤᠨ ᠬᠦᠮᠦᠷᠭᠡ》 ᠳ᠋ᠤ ᠰᠠᠭᠤᠷᠢᠯᠠᠨ ᠮᠣᠩᠭᠤᠯ ᠬᠡᠯᠡᠨ ᠤ ᠦᠭᠡᠰ ᠤᠨ ᠤᠶᠠᠯᠳᠤᠯ ᠤᠨ ᠰᠦᠯᠵᠢᠶ ᠠ ᠵᠢ ᠪᠠᠢᠭᠤᠯᠵᠠᠢ᠃ ᠲᠠᠷᠠᠭ᠎ᠠ ᠳ᠋ᠤ ᠨᠢ ᠲᠤᠰ ᠰᠦᠯᠵᠢᠶᠠᠨ ᠳ᠋ᠤ ᠪᠠᠨ ᠰᠠᠭᠤᠷᠢᠯᠠᠨ ᠪᠦᠷᠢᠳᠭᠡᠯ ᠵᠠᠳᠠᠯᠠᠯᠲᠠ ᠬᠢᠭᠰᠡᠨ ᠪᠠᠢᠨ᠎ᠠ᠃ |
原文 |
查看原文
|
出自 |
内蒙古大学学报
2021年
第3期
|