题名 |
ᠬᠤᠪᠢᠯᠠᠢ ᠬᠠᠭᠠᠨ ᠰᠠᠭᠤᠷᠢᠨ ᠵᠠᠯᠭᠠᠮᠵᠢᠯᠠᠭᠴᠢ ᠪᠠᠨ ᠲᠤᠭᠲᠠᠭᠠᠭᠰᠠᠨ ᠶᠠᠪᠤᠳᠠᠯ ᠤᠨ ᠲᠤᠬᠠᠢ ᠰᠢᠨᠵᠢᠯᠡᠬᠦ ᠨᠢ-ᠴᠢᠩᠬᠢᠮ ᠪᠠᠨ ᠨᠤᠮᠤᠬᠠᠨ ᠢᠢᠡᠷ ᠵᠢᠱᠢᠶᠡᠯᠡᠬᠦ ᠨᠢ |
作者 |
ᠤᠷᠭᠤᠮᠠᠯ; ᠤᠷᠬᠢᠯ |
关键词 |
ᠦᠪᠦᠷ ᠮᠣᠩᠭᠤᠯ ᠤᠨ ᠠᠷᠤ ᠬᠤᠷᠴᠢᠨ ᠬᠤᠰᠢᠭᠤᠨ ᠳ᠋ᠤ ᠨᠤᠲᠤᠭ ᠲᠠᠢ᠂ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠨᠡᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ 《 ᠲᠤᠮᠳᠠᠳᠤ ᠤᠯᠤᠰ ᠤᠨ ᠮᠣᠩᠭᠤᠯ ᠰᠣᠳᠤᠯᠤᠯ》 ᠰᠡᠳᠬᠦᠯ ᠤᠨ ᠨᠠᠢᠷᠠᠭᠤᠤᠯᠭᠴᠢ᠃ ᠦᠪᠦᠷ ᠮᠣᠩᠭᠤᠯ ᠤᠨ ᠬᠦᠷᠢᠶ ᠠ ᠬᠤᠰᠢᠭᠤᠨ ᠳ᠋ᠤ ᠨᠤᠲᠤᠭ ᠲᠠᠢ ᠂ ᠬᠦᠬᠡᠬᠤᠲᠠ ᠦᠨᠳᠦᠰᠦᠲᠡᠨ ᠤ ᠲᠡᠭᠡᠳᠦᠰ ᠤᠷᠭᠠᠭᠤᠯᠢ ᠶᠢᠨ ᠮᠠᠷᠺᠰ ᠤᠨ ᠦᠵᠡᠯ ᠤᠨ ᠲᠡᠭᠡᠳᠦ ᠰᠤᠷᠭᠠᠭᠤᠯᠢ ᠶᠢᠨ ᠪᠠᠭᠰᠢ᠃ |
摘要 |
ᠲᠡᠦᠭᠡᠨ ᠰᠤᠷᠪᠤᠯᠵᠢᠰ ᠤᠨ ᠲᠡᠮᠳᠡᠭᠯᠡᠯ ᠢ ᠦᠨᠳᠦᠰᠦᠯᠡᠪᠡᠯ ᠬᠤᠪᠢᠯᠠᠢ ᠬᠠᠭᠠᠨ ᠤ ᠶᠡᠬᠡ ᠬᠠᠲᠤᠨ ᠴᠡᠪᠢ ᠡᠴᠡ ᠲᠤᠷᠵᠢ᠂ ᠴᠢᠩᠬᠢᠮ᠂ ᠮᠠᠩᠭᠠᠯᠠ᠂ ᠨᠤᠮᠤᠬᠠᠨ ᠺᠡᠷᠭᠡ ᠲᠦᠷᠪᠡᠨ ᠬᠦᠪᠡᠭᠦᠨ ᠲᠠᠢ᠂ ᠬᠤᠪᠢᠯᠠᠢ ᠬᠠᠭᠠᠨ ᠬᠤᠶᠠᠳᠤᠭᠠᠷ ᠬᠦᠪᠡᠭᠦᠨ ᠴᠢᠩᠬᠢᠮ ᠪᠠ ᠲᠦᠷᠪᠡᠳᠦᠭᠡᠷ (ᠤᠳᠬᠤᠨ) ᠦᠬᠪᠡᠭᠦᠨ ᠨᠤᠮᠤᠬᠠᠨ ᠢ ᠬᠠᠭᠠᠨ ᠤ ᠲᠠᠢᠽᠢ ᠶᠢᠨ ᠪᠠᠢᠷᠢ ᠰᠠᠭᠤᠷᠢ ᠵᠢ ᠮᠡᠳᠡᠷᠡᠳᠡᠭ ᠡᠴᠡ ᠪᠢᠰᠢ᠂ ᠨᠤᠮᠤᠬᠠᠨ ᠤ ᠬᠠᠭᠠᠨ ᠤ ᠪᠠᠢᠷᠢ ᠰᠠᠭᠤᠷᠢ ᠵᠢ ᠮᠡᠳᠡᠷᠡᠳᠡᠭ ᠦᠭᠡᠢ᠃ ᠲᠤᠰ ᠦᠭᠦᠯᠡᠯ ᠤᠷᠢᠳᠦᠬᠢ ᠰᠣᠳᠤᠯᠤᠭᠴᠢᠳ ᠤᠨ ᠰᠣᠳᠤᠯᠭᠠᠨ ᠤ ᠦᠷ ᠠ ᠪᠦᠲᠦᠭᠡᠯ ᠳ᠋ᠤ ᠰᠠᠭᠤᠷᠢᠯᠠᠵᠦ᠂ ᠬᠤᠯᠪᠤᠭᠳᠠᠯ ᠪᠦᠬᠦᠢ ᠰᠤᠷᠪᠤᠯᠵᠢᠰ ᠤᠨ ᠲᠡᠮᠳᠡᠭᠯᠡᠯ ᠳ᠋ᠤ ᠲᠤᠯᠭᠠᠭᠤᠷᠢᠯᠠᠭᠤᠯᠤᠭᠠᠳ ᠴᠢᠩᠬᠢᠮ ᠪᠠ ᠨᠤᠮᠤᠬᠠᠨ ᠬᠤᠶᠠᠷ ᠤᠨ ᠲᠠᠢᠽᠢ ᠡᠷᠬᠦᠮᠵᠢᠯᠡᠭᠳᠡᠭᠰᠡᠨ ᠲᠡᠦᠭᠡᠨ ᠶᠠᠪᠤᠳᠠᠯ ᠤᠨ ᠡᠮᠦᠨ᠎ᠠ ᠬᠤᠢᠨᠠᠬᠢ ᠴᠠᠭ ᠤᠨ ᠲᠠᠷᠠᠭᠠᠯᠠᠯ ᠢ ᠤᠯᠠᠮ ᠨᠢᠭᠡ ᠠᠯᠬᠤᠮ ᠨᠢᠭᠲᠠᠯᠠᠵᠤ᠂ ᠨᠣᠮᠤᠬᠠᠨ ᠪᠡᠷ ᠬᠠᠭᠠᠨ ᠤ ᠲᠠᠢᠽᠢ ᠡᠷᠬᠦᠯᠵᠢᠯᠡᠭᠳᠡᠵᠦ ᠦᠩᠭᠡᠷᠡᠭᠰᠡᠨ ᠮᠦᠷᠲᠡᠭᠡᠨ ᠬᠠᠭᠠᠨᠪ ᠤ ᠲᠠᠢᠽᠢ ᠡᠷᠬᠦᠮᠵᠢᠯᠡᠭᠳᠡᠭᠰᠡᠨ ᠴᠠᠭ ᠨᠢ ᠴᠢᠨᠩᠬᠢᠮ ᠤᠨ ᠬᠠᠭᠠᠨ ᠤ ᠲᠠᠢᠽᠢ ᠡᠷᠬᠦᠮᠵᠢᠯᠡᠭᠳᠡᠭᠰᠡᠨ ᠴᠠᠭ ᠡᠴᠡ ᠡᠮᠦᠨ᠎ᠠ ᠪᠠᠢᠬᠤ ᠪᠤᠯᠤᠮᠵᠢ ᠲᠠᠢ ᠭᠡᠮᠡᠬᠦ ᠦᠵᠡᠯᠲᠡ ᠵᠢ ᠲᠡᠪᠰᠢᠬᠦᠯᠵᠡᠢ᠃ |
原文 |
查看原文
|
出自 |
内蒙古大学学报
2021年
第2期
|