题名 |
ᠮᠣᠩᠭᠤᠯ ᠤᠯᠤᠰ ᠤᠨ ᠵᠠᠮ ᠲᠡᠭᠡᠭᠡᠪᠦᠷᠢ ᠶᠢᠨ ᠤᠳᠤᠬᠢ ᠪᠠᠢᠳᠠᠯ ᠪᠠ ᠭᠡᠳᠦ ᠶᠢᠨ ᠲᠦᠯᠦᠪ ᠤᠨ ᠲᠤᠬᠠᠢ |
作者 |
ᠬᠦᠭᠵᠢᠯᠲᠦ |
关键词 |
ᠮᠣᠩᠭᠤᠯ ᠤᠯᠤᠰ; ᠵᠠᠮ ᠲᠡᠭᠡᠭᠡᠪᠦᠷᠢ; ᠤᠳᠤᠬᠢ ᠪᠠᠢᠳᠠᠯ; ᠭᠡᠳᠦ ᠶᠢᠨ ᠲᠦᠯᠦᠪ |
摘要 |
ᠮᠣᠩᠭᠤᠯ ᠤᠯᠤᠰ ᠨᠢ ᠲᠤᠮᠲᠠᠲᠤ ᠤᠷᠤᠰ ᠤᠨ ᠬᠤᠭᠤᠷᠤᠨᠲᠤ ᠪᠠᠢᠷᠢᠯᠠᠵᠤ᠂ ᠠᠽᠢᠶ ᠠ ᠡᠸᠦᠷᠦ᠋ᠫᠠ ᠶᠢᠨ ᠬᠠᠭᠤᠷᠠᠢ ᠵᠠᠮ ᠤᠨ ᠲᠡᠭᠡᠭᠡᠪᠦᠷᠢ ᠳ᠋ᠤ ᠦᠪᠡᠷ ᠤᠨ ᠭᠡᠰᠡᠨ ᠪᠠᠢᠷᠢ ᠰᠠᠭᠤᠷᠢ ᠲᠠᠢ ᠶᠣᠮ᠃ ᠤᠳᠤᠬᠠᠨ ᠳ᠋ᠤ ᠪᠠᠨ ᠮᠣᠩᠭᠤᠯ ᠤᠯᠤᠰ ᠤᠨ ᠵᠠ ᠲᠡᠭᠡᠭᠡᠪᠦᠷᠢ ᠶᠢᠨ ᠰᠠᠯᠪᠤᠷᠢ ᠶᠢᠨ ᠬᠦᠭᠵᠢᠯ ᠰᠤᠯᠠ ᠪᠠᠢᠵᠦ᠂ ᠢᠯᠠᠩᠭᠤᠶ ᠠ ᠲᠡᠮᠦᠷ ᠵᠠᠮ ᠤᠨ ᠪᠦᠲᠦᠭᠨᠡ ᠪᠠᠢᠭᠤᠯᠤᠯᠲᠠ ᠶᠢᠨ ᠬᠤᠵᠢᠭᠲᠠᠯ ᠨᠢ ᠠᠭᠤᠯᠠᠨ ᠠᠭᠤᠷᠬᠠᠢ ᠪᠡᠷ ᠭᠤᠤᠯᠠᠯᠭᠰᠠᠨ ᠲᠤᠮᠤ ᠬᠡᠯᠪᠡᠷᠢ ᠶᠢᠨ ᠪᠠᠷᠠᠭ᠎ᠠ ᠪᠦᠲᠦᠭᠡᠭᠳᠡᠬᠦᠨ ᠤ ᠠᠰᠢᠭᠯᠠᠯᠲᠠ᠂ ᠭᠠᠳᠠᠭᠠᠲᠤ ᠠᠷᠠᠯᠵᠢᠶ ᠠ ᠳ᠋ᠤ ᠨᠤᠴᠢᠲᠠᠢ ᠰᠦᠷᠭᠡᠦ ᠨᠦᠯᠦᠭᠡ ᠦᠵᠡᠬᠦᠯᠵᠦ ᠪᠠᠢᠨ᠎ᠠ᠃《 ᠲᠤᠮᠲᠠᠲᠤ ᠮᠣᠩᠭᠤᠯ ᠤᠷᠤᠰ ᠤᠨ ᠡᠳ᠋ ᠤᠨ ᠵᠠᠰᠠᠭ ᠤᠨ ᠬᠤᠩᠬᠢᠯ》 ᠪᠠᠢᠭᠤᠯᠬᠤ ᠨᠢ ᠤᠷᠤᠨ ᠪᠠᠢᠿᠢ ᠶᠢᠩ ᠲᠦᠭᠵᠢᠭᠳᠡᠮᠡᠯ ᠪᠠᠢᠳᠠᠯ ᠲᠠᠢ᠂ ᠲᠡᠭᠡᠭᠡᠪᠦᠷᠢ ᠶᠢᠨ ᠵᠠᠷᠤᠳᠠᠯ ᠶᠡᠬᠡ ᠮᠣᠩᠭᠤᠯ ᠤᠯᠤᠰ ᠲᠤ ᠲᠠᠭᠠᠲᠠᠢ ᠪᠤᠯᠤᠮᠵᠢ ᠵᠢ ᠤᠯᠭᠤᠪᠠ᠃ ᠲᠡᠭᠦᠨᠴᠢᠯᠠᠨ ᠪᠦᠰᠡ ᠨᠤᠲᠤᠭ᠂ ᠤᠯᠠᠨ ᠤᠯᠤᠰ ᠤᠨ ᠪᠠᠢᠭᠤᠯᠭ᠎ᠠ ᠶᠢᠨ ᠬᠠᠮᠲᠤ ᠶᠢᠨ ᠡᠷᠴᠢᠮᠵᠢᠯ᠃ ᠮᠣᠩᠭᠤᠯ ᠤᠯᠤᠰ ᠤᠨ ᠤᠯᠤᠰ ᠲᠦᠷᠦ ᠳ᠋ᠤ ᠢᠯᠡᠷᠡᠭᠰᠡᠨ ᠲᠤᠭᠲᠠᠭᠤᠨ ᠪᠠᠢᠳᠠᠯ᠂ ᠲᠤᠮᠲᠠ ᠤᠷᠲᠤ ᠬᠤᠭᠤᠴᠠᠭᠠᠨ ᠤ ᠲᠦᠯᠦᠪᠯᠡᠭᠡ ᠵᠢ ᠴᠢᠬᠤᠯᠠᠴᠢᠯᠠᠬᠤ ᠪᠤᠯᠤᠭᠰᠠᠨ ᠰᠢᠨ᠎ᠠ ᠰᠢᠨ᠎ᠠ ᠰᠠᠨᠠᠭᠠᠴᠢᠯᠠᠭ᠎ᠠ᠂ ᠲᠦᠰᠦᠯ ᠤᠳ ᠨᠢ ᠮᠣᠩᠭᠤᠯ ᠤᠯᠤᠰ ᠤᠨ ᠵᠠᠮ ᠲᠡᠭᠡᠭᠡᠪᠦᠷᠢ ᠶᠢᠨ ᠢᠷᠡᠭᠡᠳᠦᠢ ᠶᠢᠨ ᠬᠦᠭᠵᠢᠯ ᠳ᠋ᠤ ᠲᠦᠯᠬᠢᠴᠡ ᠪᠤᠯᠬᠤ ᠶᠣᠮ᠃ |
原文 |
查看原文
|
出自 |
内蒙古大学学报
2021年
第2期
|