题名 |
ᠮᠣᠩᠭᠤᠯ ᠬᠡᠯᠡᠨ ᠤ ᠦᠭᠡ ᠶᠢᠨ ᠡᠴᠦᠰ ᠤᠨ ᠪᠤᠭᠤᠨᠢ ᠡᠭᠡᠰᠢᠭ ᠪᠠ ᠦᠭᠡ ᠶᠢᠨ ᠡᠷᠭᠦᠯᠲᠡ ᠶᠢᠨ ᠬᠠᠷᠢᠴᠠᠭᠠᠨ ᠤ ᠲᠤᠬᠠᠢ |
作者 |
ᠢᠤᠢ ᠷᠦᠩ; ᠢᠪᠡᠭᠡᠯᠴᠡᠴᠡᠭ; ᠤᠷᠭᠤᠮᠠᠯ |
关键词 |
ᠮᠣᠩᠭᠤᠯ ᠬᠡᠯᠡ; ᠭᠡᠳᠦ ᠪᠤᠭᠤᠨᠢ ᠡᠭᠡᠰᠢᠭ; ᠦᠭᠡ ᠶᠢᠨ ᠡᠷᠬᠦᠯᠲᠡ |
摘要 |
ᠲᠤᠰ ᠦᠭᠦᠯᠡᠯ ᠳᠤ 《 ᠮᠣᠩᠭᠤᠯ ᠬᠡᠯᠡᠨ ᠤ ᠦᠭᠡ ᠶᠢᠨ ᠡᠷᠬᠦᠯᠲᠡ ᠶᠢᠨ ᠰᠣᠳᠤᠯᠭᠠᠨ ᠳ᠋ᠤ ᠵᠤᠷᠢᠭᠤᠯᠤᠭᠰᠠᠨ ᠳ᠋ᠡᠢᠲ᠋ᠠ ᠬᠦᠮᠦᠷᠭᠡ》 ᠵᠢ ᠠᠰᠢᠭᠯᠠᠨ᠂ ᠦᠶ ᠠ ᠦᠯᠦ ᠪᠦᠲᠦᠭᠡᠬᠦ ᠭᠡᠳᠦ ᠪᠤᠭᠤᠨᠢ ᠡᠭᠡᠰᠢᠭ ᠤᠨ ᠦᠭᠡ ᠶᠢᠨ ᠡᠷᠬᠦᠯᠲᠡᠣ ᠳ᠋ᠤ ᠦᠵᠡᠬᠦᠯᠬᠦ ᠨᠦᠯᠦᠭᠡ ᠵᠢ ᠵᠠᠳᠠᠯᠤᠨ ᠰᠢᠨᠵᠢᠯᠡᠪᠡ᠃ ᠮᠣᠩᠭᠤᠯ ᠬᠡᠯᠡᠨ ᠳ᠋ᠤ ᠦᠶ ᠠ ᠦᠯᠦ ᠪᠦᠲᠦᠭᠡᠬᠦ ᠭᠡᠳᠦ ᠪᠤᠭᠤᠨᠢ ᠡᠭᠡᠰᠢᠭ ᠨᠢ ᠲᠤᠭᠲᠠᠪᠤᠷᠢᠲᠠᠢ ᠴᠢᠠᠨᠷ ᠢᠢᠡᠷ ᠰᠤᠯᠠ ᠪᠠᠢᠳᠠᠭ᠂ ᠨᠢᠭᠡ ᠦᠭᠡ ᠵᠢ ᠠᠳᠠᠯᠢ ᠠᠪᠢᠶᠠᠯᠠᠭᠴᠢ ᠤᠯᠠᠨ ᠤᠳᠠᠭ᠎ᠠ ᠠᠪᠢᠶᠠᠯᠬᠤ ᠳ᠋ᠤ ᠵᠠᠷᠢᠮ ᠳ᠋ᠤ ᠪᠠᠨ ᠬᠡᠳᠦ ᠪᠤᠭᠤᠨᠢ ᠡᠭᠡᠰᠢᠭ ᠲᠠᠢ᠂ ᠵᠠᠷᠢᠮ ᠳ᠋ᠤ ᠪᠠᠨ ᠪᠠᠢᠳᠠᠭ ᠦᠭᠡᠢ᠃ ᠲᠤᠰ ᠦᠭᠦᠯᠡᠯ ᠳ᠋ᠤ ᠨᠢᠭᠡ ᠠᠪᠢᠶᠠᠯᠭᠴᠢ ᠠᠳᠠᠯᠢ ᠦᠭᠡ ᠵᠢ ᠠᠪᠢᠶᠠᠯᠠᠬᠤ ᠪᠠ ᠤᠨᠳᠤᠤ ᠠᠪᠢᠶᠠᠯᠠᠭᠴᠢ ᠠᠳᠠᠯᠢ ᠦᠭᠡ ᠵᠢ ᠠᠪᠢᠶᠠᠯᠠᠬᠤ ᠠᠳᠠᠯᠢ ᠪᠤᠰᠤ ᠨᠦᠬᠦᠴᠡᠯ ᠳ᠋ᠤ ᠬᠡᠳᠦ ᠪᠤᠭᠤᠨᠢ ᠡᠭᠡᠰᠢᠭ ᠢᠯᠡᠷᠡᠭᠰᠡᠨ ᠡᠰᠡᠬᠦ ᠲᠠᠭᠤᠨ ᠤᠬᠠᠭᠠᠨ ᠤ ᠲᠤᠭ᠎ᠠ ᠪᠠᠷᠢᠮᠲᠠ ᠶᠢᠨ ᠬᠤᠭᠤᠷᠤᠨᠲᠤ ᠬᠠᠷᠢᠴᠠᠭᠤᠯᠤᠯ ᠬᠢᠵᠦ᠂ ᠭᠡᠳᠦ ᠪᠤᠭᠤᠨᠢ ᠡᠭᠡᠰᠢᠭ ᠨᠢ ᠦᠭᠡ ᠶᠢᠨ ᠡᠷᠭᠦᠯᠲᠡ ᠳ᠋ᠤ ᠨᠦᠯᠦᠭᠡ ᠭᠠᠷᠭᠠᠬᠤ ᠡᠰᠡᠬᠦ ᠵᠢ ᠪᠠᠢᠴᠠᠭᠠᠪᠠ᠃ |
原文 |
查看原文
|
出自 |
内蒙古大学学报
2021年
第2期
|