摘要 |
ᠰᠠᠢᠴᠤᠩᠭᠠ ᠶᠢᠨ ᠲᠦᠯᠦᠭᠡᠯᠡᠬᠦᠪᠦᠲᠦᠭᠡᠯ ᠤᠨ ᠨᠢᠭᠡᠨ ᠪᠤᠯᠬᠤ《 ᠭᠡᠭᠡᠪᠴᠢ》 ᠭᠡᠬᠦ ᠰᠢᠯᠦᠭ ᠨᠢ ᠤᠯᠤᠰ ᠤᠨ ᠲᠤᠳᠤᠨ᠎ᠠ ᠭᠠᠳᠠᠨ᠎ᠠ ᠠᠳᠠᠯᠢ ᠪᠤᠰᠤ ᠶᠢᠨ ᠨᠣᠮ ᠲᠡᠭᠦᠪᠦᠷᠢ ᠳ᠋ᠤ ᠰᠤᠨᠭᠤᠭᠳᠠᠨ ᠤᠯᠠᠨᠲᠠ ᠬᠡᠪᠯᠡᠭᠳᠡᠭᠰᠡᠨ ᠪᠦᠭᠡᠳ ᠲᠸᠺᠰᠲ ᠢ ᠪᠤᠢ ᠪᠤᠯᠭᠠᠵᠠᠢ᠃ ᠡᠳᠡᠭᠡᠷ ᠲᠸᠺᠰᠲ ᠤᠳ ᠨᠢ ᠡᠭᠡ ᠬᠡᠯᠡᠨ ᠤ ᠲᠸᠺᠰᠲ ᠢᠢᠡᠷ ᠦᠨᠳᠦᠰᠦᠯᠡᠯ ᠪᠤᠯᠭᠠᠵᠤ ᠤᠤᠯ ᠡᠭᠡ ᠲᠠᠢ ᠪᠠᠨ ᠬᠡᠯᠪᠡᠷᠢ᠂ ᠪᠦᠲᠦᠴᠡ᠂ ᠬᠡᠯᠡᠨ ᠤ ᠲᠠᠯ ᠠ ᠳ᠋ᠤ ᠵᠦᠷᠢᠶ ᠠ ᠭᠠᠷᠤᠭᠰᠠᠨ ᠪᠤᠯᠪᠠᠴᠤ ᠪᠦᠬᠦᠯᠢ ᠴᠣᠭᠴᠠ ᠶᠢᠨ ᠬᠤᠪᠢ ᠳ᠋ᠤ ᠤᠤᠯ ᠡᠭᠡ ᠲᠠᠢ ᠪᠠᠨ ᠨᠡᠯᠢᠶᠡᠳ ᠤᠢᠷ ᠠ ᠪᠠᠢᠳᠠᠭ ᠢ ᠰᠣᠳᠤᠯᠤᠭᠴᠢᠳ ᠪᠦᠷ ᠮᠡᠳᠡᠵᠦ ᠪᠠᠢᠨ᠎ᠠ᠃ ᠬᠡᠪᠡᠴᠦ ᠤᠤᠯ ᠲᠸᠺᠰᠲ ᠡᠴᠡ ᠦᠰᠦᠳ ᠦᠭᠡᠷ ᠠ ᠪᠡᠷ ᠮᠣᠩᠭᠤᠯ ᠤᠯᠤᠰ ᠲᠤ ᠣᠷᠴᠢᠭᠤᠯᠤᠭᠳᠠᠨ ᠲᠠᠨᠢᠯᠴᠠᠭᠤᠯᠤᠭᠳᠠᠭᠰᠠᠨ ᠨᠢᠭᠡᠨ ᠬᠤᠪᠢᠯᠪᠤᠷᠢ ᠲᠸᠺᠰᠲ ᠢ ᠮᠡᠳᠡᠬᠦ ᠰᠣᠳᠤᠯᠤᠭᠴᠢᠳ ᠴᠦᠭᠡᠨ ᠪᠠᠢᠬᠤ ᠠᠵᠢ᠃ᠲᠡᠢᠮᠦ ᠡᠴᠡ ᠦᠭᠦᠯᠡᠯ ᠳ᠋ᠤ ᠡᠨᠡᠨ ᠬᠦ ᠲᠸᠺᠰᠲ ᠤᠨ ᠲᠤᠭᠤᠷᠢᠨ ᠳ᠋ᠤ ᠲᠡᠯᠭᠡᠷᠡᠬᠦᠯᠦᠨ ᠦᠭᠦᠯᠡᠬᠦ ᠪᠤᠯᠤᠨ᠎ᠠ᠃ |