| 题名 | 
                《 ᠶᠤᠸᠠᠨ ᠤᠯᠤᠰ ᠤᠨ ᠲᠡᠦᠭᠡ》 ᠶᠢᠨ ᠮᠣᠩᠭᠤᠯ ᠣᠷᠴᠢᠭᠤᠯᠭᠠ ᠶᠢᠨ ᠬᠡᠯᠡ ᠬᠡᠯᠡᠯᠭᠡ ᠶᠢᠨ ᠤᠨᠴᠠᠯᠢᠭ | 
            
            
                | 作者 | 
                ᠨᠠᠷᠠᠨᠪᠢᠯᠢᠭ᠌; ᠲᠡᠯᠭᠡᠷᠮ ᠠ | 
            
            
                | 关键词 | 
                《 ᠶᠤᠸᠠᠨ ᠤᠯᠤᠰ ᠤᠨ ᠲᠡᠦᠭᠡ》; ᠮᠣᠩᠭᠯᠤ ᠤᠷᠴᠢᠭᠤᠯᠭᠠ ᠶᠢᠨ ᠬᠡᠯᠡ ᠬᠡᠯᠡᠯᠭᠡ; ᠬᠡᠷᠡᠭᠯᠡᠭᠡᠨ ᠤ ᠣᠨᠴᠠᠯᠢᠭ | 
            
            
                | 摘要 | 
                《 ᠶᠤᠸᠠᠨ ᠤᠯᠤᠰ ᠤᠨ ᠲᠡᠦᠭᠡ》 ᠳ᠋ᠡᠬᠢ ᠬᠦᠮᠦᠨ ᠬᠠᠷ ᠠ᠂ ᠭᠠᠵᠠᠷ ᠤᠷᠤᠨ᠂ ᠤᠪᠤᠭ ᠤᠭᠰᠠᠭᠠᠠ ᠵᠡᠷᠭᠡ ᠤᠯᠨ ᠨᠡᠷ ᠠ ᠦᠭᠡᠰ ᠨᠢ ᠪᠦᠷ ᠮᠣᠩᠭᠤᠯ ᠦᠭᠡ ᠦᠰᠦᠭ ᠢ  ᠠᠪᠢᠶᠠᠴᠢᠯᠠᠨ ᠪᠢᠴᠢᠭᠰᠡᠨ ᠬᠢᠳᠡᠭ ᠦᠭᠡᠰ ᠪᠠᠢᠵᠦ᠂ ᠡᠳᠡᠭᠡᠷ ᠦᠭᠡᠰ ᠤᠨ ᠲᠤᠬᠢᠷᠠᠯᠴᠠᠭᠰᠠᠨ ᠮᠣᠩᠭᠤᠯ ᠦᠭᠡ ᠦᠰᠦᠭ ᠢ ᠤᠯᠵᠤ᠂ ᠤᠳᠬ ᠠ ᠰᠠᠨᠠᠭᠠ ᠵᠢ ᠨᠢ ᠲᠤᠬᠢᠯᠢᠭ ᠰᠡᠷᠬᠦᠭᠡᠨ ᠮᠣᠩᠭᠤᠯᠴᠢᠯᠠᠬᠤ ᠨᠢ ᠨᠡᠯᠢᠶᠡᠳ ᠪᠤᠲᠤᠯᠢᠶᠠᠨ ᠲᠠᠢ ᠪᠠᠢᠳᠠᠭ᠃ ᠤᠴᠢᠷ ᠨᠢ ᠠᠳᠠᠯᠢᠨᠬᠠᠨ ᠨᠢᠭᠡ ᠮᠣᠩᠭᠤᠯ ᠦᠭᠡ ᠦᠰᠦᠭ ᠢ ᠠᠳᠠᠯᠢ ᠪᠤᠰᠤᠬᠢᠳᠠᠳ ᠦᠰᠦᠭ ᠢᠢᠡᠷ ᠲᠡᠮᠳᠡᠭᠯᠡᠨ ᠪᠢᠴᠢᠭᠰᠡᠨ ᠪᠠᠢᠳᠠᠯ ᠴᠦᠭᠡᠨ ᠪᠤᠰᠤ ᠤᠷᠤᠰᠢᠵᠤ ᠪᠤᠢ᠃ ᠡᠢᠮᠦ ᠡᠴᠡ ᠬᠡᠯᠡᠨ ᠤ  ᠵᠦᠢ ᠶᠢᠨ ᠵᠠᠷᠢᠮ ᠠᠰᠠᠭᠤᠳᠠᠯ ᠢ ᠲᠤᠬᠠᠢ ᠶᠢᠨ ᠦᠶ ᠠ ᠶᠢᠨ ᠬᠢᠲᠠᠳ ᠬᠡᠯᠡ  ᠤ ᠠᠶᠠᠯᠭᠤ ᠳ᠋ᠤ ᠬᠠᠷᠠᠭᠠᠯᠵᠠᠭᠤᠯᠤᠨ᠂ ᠬᠢᠲᠠᠳ ᠲᠡᠦᠭᠡᠨ ᠮᠠᠲ᠋ᠸᠷᠢᠶᠠᠯ ᠪᠯᠤᠤᠨ ᠮᠣᠩᠭᠤᠯ ᠬᠡᠯᠡᠨ ᠤ ᠤᠯᠠᠨ ᠵᠦᠢᠯ ᠤᠨ ᠮᠠᠲ᠋ᠸᠷᠢᠶᠠᠯ ᠢ ᠬᠠᠷᠠᠭᠠᠯᠵᠠᠭᠤᠯᠤᠨ ᠤᠷᠴᠢᠭᠤᠯᠬᠤ ᠴᠢᠬᠤᠯᠠᠲᠠᠢ ᠶᠣᠮ᠃ ᠦᠭᠦᠯᠡᠯ ᠳ᠋ᠤ ᠨᠡᠷ ᠠ ᠦᠭᠡᠰ ᠪᠤᠯᠤᠨ ᠬᠠᠮᠢᠶ ᠠ ᠪᠦᠬᠦᠢ ᠬᠡᠯᠡᠨ ᠤ ᠵᠦᠢ ᠶᠢᠨ ᠵᠠᠷᠢᠮ ᠠᠰᠠᠭᠤᠳᠠᠯ ᠢ ᠮᠣᠩᠭᠤᠯᠴᠢᠯᠠᠭᠰᠠᠨ ᠣᠨᠴᠠᠯᠢᠭ ᠢ  ᠲᠤᠰᠬᠠᠢᠯᠠᠨ ᠰᠢᠨᠵᠢᠯᠡᠵᠦ᠂ ᠡᠢᠮᠦᠷᠬᠦᠦ ᠠᠳᠠᠯᠢ ᠠᠪᠢᠶᠠᠯᠠᠭᠠ ᠲᠠᠢ ᠬᠢᠲᠠᠳ ᠪᠯᠤᠤᠨ ᠮᠣᠩᠭᠤᠯ ᠦᠰᠦᠭ ᠬᠤᠭᠤᠷᠤᠨᠲᠦ ᠪᠠᠨ ᠬᠤᠳᠬᠤᠯᠲᠠᠨ ᠤᠷᠴᠢᠭᠤᠯᠤᠭᠳᠠᠵᠤ ᠪᠠᠢᠭᠰᠠᠨ ᠦᠵᠡᠭᠳᠡᠯ ᠢ ᠦᠨᠳᠦᠰᠦᠯᠡᠨ᠂ ᠶᠤᠸᠠᠨ ᠤᠯᠤᠰ ᠤᠨ ᠦᠶ ᠠ ᠶᠢᠨ ᠮᠣᠩᠭᠤᠯ ᠪᠤᠯᠨ ᠬᠢᠲᠠᠳ ᠦᠭᠡ ᠬᠡᠯᠡ᠂ ᠦᠰᠦᠭ ᠪᠢᠴᠢᠭ ᠨᠢ ᠬᠠᠷᠢᠯᠴᠠᠨ ᠨᠦᠯᠦᠭᠡᠯᠡᠵᠦ᠂ ᠠᠪᠢᠶᠠᠯᠠᠭᠠ ᠪᠤᠯᠤᠨ ᠤᠳᠬ ᠠ ᠰᠠᠨᠠᠭᠠ ᠨᠢ  ᠪᠦᠷ ᠵᠤᠬᠢᠬᠤ ᠬᠤᠪᠢᠷᠠᠯᠲᠠ ᠲᠠᠢ ᠬᠡᠡᠯ ᠬᠡᠯᠡᠯᠭᠡ ᠵᠢ ᠡᠭᠦᠰᠭᠡᠨ ᠪᠦᠷᠢᠯᠳᠦᠬᠦᠯᠵᠦ᠂ᠬᠡᠷᠡᠭᠯᠡᠵᠦ ᠪᠠᠢᠭᠰᠠᠨ ᠲᠤᠬᠠᠢ ᠦᠭᠦᠯᠡᠵᠡᠢ᠃ | 
            
            
                | 原文 | 
                
                    
                    查看原文
                    
                 | 
            
          
            | 出自 | 
            
              内蒙古社会科学(蒙文版)
              2021年
               第2期
             |