论文信息


题名 ᠠᠷᠤ ᠬᠠᠩᠭᠠᠢ《 ᠭᠡᠰᠡᠷ ᠤᠨ ᠲᠤᠭᠤᠵᠢ》 ᠶᠢᠨ ᠪᠢᠴᠢᠭᠳᠡᠭᠰᠡᠨ ᠤᠨ ᠴᠠᠭ ᠤᠨ ᠮᠠᠭᠠᠳᠯᠠᠯ
作者 ᠴᠤᠢᠷᠠᠯᠵᠠᠪ
关键词 《 ᠠᠷᠤ ᠬᠠᠩᠭᠠᠢ ᠭᠡᠰᠡᠷ》; ᠪᠢᠴᠢᠭᠳᠡᠭᠰᠡᠨ ᠤᠨ ᠴᠠᠭ; ᠮᠠᠭᠠᠳᠯᠠᠯ
摘要 20ᠳ᠋ᠤᠭᠠᠷ ᠵᠠᠭᠤᠨ ᠤ ᠲᠦᠴᠢᠭᠡᠳ ᠣᠨ ᠤ ᠦᠶ ᠠ ᠳ᠋ᠤ ᠠᠷᠤ ᠬᠠᠩᠭᠠᠢ ᠠᠢᠮᠠᠭ ᠡᠴᠡ ᠮᠣᠩᠭᠤᠯ ᠤᠯᠤᠰ ᠤᠨᠨᠣᠮ ᠤᠨ ᠰᠠᠩ ᠳ᠋ᠤ ᠨᠢᠭᠡᠨᠪᠢᠴᠢᠮᠡᠯ 《 ᠭᠡᠰᠡᠷ ᠤᠨ ᠲᠤᠭᠤᠵᠢ》 ᠬᠦᠷᠭᠡᠵᠦ ᠢᠷᠡᠪᠡ᠃ ᠲᠡᠭᠦᠨ ᠤ ᠵᠠᠷᠢᠮ ᠡᠷᠳᠡᠮᠲᠡᠳ ᠲᠤᠰ ᠲᠡᠪᠲᠡᠷ ᠤᠨ ᠠᠷᠤ ᠳ᠋ᠤ ᠲᠠᠭᠠᠯᠳᠤᠭᠤᠯᠤᠭᠰᠠᠨ ᠵᠢᠵᠢᠭ ᠰᠣᠳᠤᠷ ᠲᠡᠬᠢ《 ᠨᠣᠮᠴᠢ ᠬᠠᠲᠤᠨ ᠲᠤᠷᠠᠳᠬᠠᠨ ᠤᠷᠴᠢᠭᠤᠯᠤᠭᠰᠠᠨ᠂᠂᠂᠂》 ᠭᠡᠳᠡᠭ ᠦᠭᠡ ᠵᠢ ᠪᠠᠷᠢᠮᠲᠠᠯᠠᠵᠤ 《 ᠨᠤᠮᠴᠢ ᠬᠠᠲᠤᠨ ᠤ ᠭᠡᠰᠡᠷ》 ᠭᠡᠵᠦ ᠨᠡᠷᠡᠯᠡᠪᠡ᠃ ᠡᠨᠡ ᠪᠤᠯ ᠶᠠᠮᠠᠷ ᠦᠨᠳᠦᠰᠦ ᠪᠠᠷᠢᠮᠲᠠ ᠦᠭᠡᠢ ᠨᠡᠷᠡᠢᠳᠦᠯ ᠪᠤᠯᠤᠨ᠎ᠠ᠃ ᠲᠡᠢᠮᠦ ᠡᠴᠡ ᠲᠡᠭᠦᠨ ᠢ ᠤᠯᠤᠵᠤ ᠢᠯᠡᠷᠡᠬᠦᠯᠦᠭᠰᠡᠨ ᠭᠠᠵᠠᠷ ᠪᠤᠶᠤ ᠲᠡᠮᠳᠡᠭᠯᠡᠵᠦ ᠴᠣᠭᠯᠠᠭᠤᠯᠤᠭᠰᠠᠨ ᠬᠦᠮᠦᠨ ᠢ ᠨᠢᠭᠡᠨᠲᠡ ᠲᠤᠳᠤᠯᠠᠵᠤ ᠲᠡᠢᠬᠦ ᠦᠭᠡᠢ ᠪᠤᠯᠤᠭᠰᠠᠨᠪᠠᠢᠳᠠᠯ ᠳ᠋ᠤ ᠬᠦᠷᠭᠡᠵᠦ ᠢᠷᠡᠭᠰᠡᠨ ᠭᠠᠵᠠᠷ ᠤᠷᠤᠨ ᠤ ᠨᠡᠷ ᠠ ᠪᠡᠷ 《 ᠠᠷᠤ ᠬᠠᠩᠭᠠᠢ ᠭᠡᠰᠡᠷ ᠤᠨ ᠲᠤᠭᠤᠵᠢ》 ᠭᠡᠵᠦ ᠨᠡᠷᠡᠯᠡᠪᠡᠯ ᠵᠤᠬᠢᠨ᠎ᠠ᠃《 ᠠᠷᠤ ᠬᠠᠩᠭᠠ ᠭᠡᠰᠡᠷ》 ᠤᠨᠪᠢᠴᠢᠭᠳᠡᠭᠰᠡᠨ ᠣᠨ ᠴᠠᠭ ᠢᠨ ᠲᠡᠭᠦᠨ ᠤ ᠡᠴᠦᠰ ᠲᠤ ᠲᠡᠮᠳᠡᠭᠯᠡᠵᠦᠪᠠᠢᠭ᠎ᠠ ᠡᠩᠬᠡ ᠠᠮᠤᠭᠤᠯᠠᠩ ᠤᠨ ᠲᠠᠪᠢᠨ ᠲᠠᠪᠤᠳᠤᠭᠠᠷ ᠤᠨ(1716) ᠡᠴᠡ ᠬᠤᠢᠰᠢ《ᠤᠷᠲᠤᠰ ᠭᠡᠰᠡᠷ》 ᠤᠨ ᠬᠤᠶᠠᠳᠤᠭᠠᠷ ᠪᠦᠯᠦᠭ ᠤᠨ ᠡᠴᠦᠰ ᠲᠤ ᠲᠡᠮᠳᠡᠭᠯᠡᠵᠦ ᠪᠠᠢᠭ᠎ᠠ ᠲᠡᠭᠷᠢ ᠶᠢᠨ ᠲᠡᠳᠭᠦᠭᠰᠡᠨ  ᠤ ᠠᠷᠪᠠᠨ ᠬᠤᠶᠠᠳᠤᠭᠠᠷ ᠤᠨ(1747) ᠤ ᠨᠠᠭᠠᠨ᠎ᠠ ᠴᠠᠭᠠᠨ᠎ᠠ᠂ ᠦᠭᠡᠷ ᠠ ᠪᠡᠷ ᠬᠡᠯᠡᠪᠡᠯ18ᠳ᠋ᠤᠭᠠᠷ ᠵᠠᠭᠤᠨ ᠤ ᠲᠤᠮᠳᠠᠳᠤ ᠦᠶ ᠠ ᠪᠤᠯᠤᠨ᠎ᠠ᠃
原文 查看原文
出自 内蒙古社会科学(蒙文版) 2021年 第2期

联系我们


内蒙古大学图书馆
呼和浩特市大学西路235号
中国·内蒙古
P: (0471) 4992561
E: huangfeilong@imu.edu.cn