摘要 |
ᠰᠢᠯᠭᠠᠳᠠᠭ ᠤᠬᠠᠭᠠᠨ ᠪᠤᠯ ᠵᠦᠢᠴᠢᠯᠡᠯ ᠭᠡᠷᠡᠴᠢᠯᠠᠯ ᠤᠨ ᠲᠤᠬᠠᠢ ᠰᠢᠨᠵᠢᠯᠭᠡᠨ ᠪᠠᠢᠵᠤ᠂ ᠮᠣᠩᠭᠯᠤ ᠤᠷᠤᠨ ᠳ᠋ᠤ ᠰᠨᠰᠺᠢᠷᠢᠲ ᠬᠡᠯᠡ ᠪᠠ ᠲᠦᠪᠡᠳ ᠬᠡᠯᠡ ᠪᠡᠷ ᠤᠯᠠᠮᠵᠢᠠᠯᠭᠳᠠᠨ ᠬᠦᠭᠵᠢᠵᠡᠢ᠃ ᠲᠡᠷᠡ ᠨᠢ ᠲᠦᠪᠡᠳ 《 ᠭᠠᠨᠵᠤᠤᠷ》 ᠂ 《 ᠳ᠋ᠠᠨᠵᠤᠤᠷ》 ᠤᠨ ᠮᠣᠩᠭᠤᠯ ᠬᠡᠯᠡᠨ ᠳ᠋ᠤ ᠤᠷᠴᠢᠭᠤᠯᠤᠭᠳᠠᠬᠤ ᠪᠡᠷ ᠲᠠᠮᠵᠢᠨ ᠮᠣᠩᠭᠤᠯ ᠤᠷᠤᠨ ᠳ᠋ᠤ ᠠᠩᠬ ᠠ ᠠᠯᠬᠤᠮ ᠬᠦᠭᠵᠢᠯᠲᠡ ᠪᠠᠨ ᠤᠯᠵᠤ᠂ ᠲᠠᠬᠢᠨ ᠮᠣᠩᠭᠤᠯ ᠦᠨᠳᠦᠰᠦᠲᠡᠨ ᠤ ᠤᠤᠭᠠᠯ ᠰᠣᠶᠣᠯ ᠲᠠᠢ ᠬᠠᠷᠢᠯᠴᠠᠨ ᠨᠡᠪᠲᠡᠷᠡᠯᠴᠡᠬᠦ ᠪᠠ ᠮᠣᠩᠭᠤᠯ ᠮᠡᠷᠭᠡᠳ ᠤᠨ ᠪᠡᠶ ᠠᠪᠠᠨ ᠲᠠᠭᠠᠭᠠᠭᠰᠠᠨ ᠲᠠᠨᠢᠯᠲᠠ ᠵᠡᠷᠭᠡ ᠰᠢᠯᠲᠠᠭᠠᠨ ᠡᠴᠡ ᠪᠤᠯᠵᠤ《 ᠡᠨᠡᠳᠭᠡᠭ ᠡᠭᠦᠰᠦᠯ ᠲᠠᠢ᠂ ᠲᠦᠪᠡᠳ ᠬᠦᠭᠵᠢᠯ ᠲᠠᠢ᠂ ᠮᠣᠩᠭᠤᠯ ᠲᠠᠭᠠᠯᠠᠯ ᠲᠠᠢ 》 ᠮᠣᠩᠭᠤᠯ ᠰᠢᠯᠭᠠᠳᠠᠭ ᠤᠬᠠᠭᠠᠨ ᠪᠤᠯᠵᠠ ᠪᠦᠷᠢᠯᠳᠦᠭᠰᠡᠨ ᠪᠠᠢᠨ᠎ᠠ᠃ |