题名 |
《 ᠰᠢᠷᠠᠢᠭᠤᠤᠯ ᠤᠨ ᠪᠠᠢᠯᠳᠤᠭᠠᠨ》 ᠪᠠ 《ᠬᠤᠷ ᠯᠢᠩ ᠤᠨ ᠲᠠᠢᠯᠠᠯᠳᠤᠭᠠᠨ》 ᠳ᠋ᠤ ᠬᠢ ᠵᠦᠪ ᠲᠠᠯ ᠠ ᠶᠢᠨ ᠡᠷᠡᠭᠲᠡᠢ ᠪᠠᠭᠠᠲᠤᠷ ᠤᠨ ᠢᠳᠡ ᠬᠦᠴᠦᠨ ᠤ ᠬᠠᠷᠢᠴᠠᠭᠤᠯᠤᠯ |
作者 |
ᠨᠤᠤ ᠰᠡᠴᠡᠨ; ᠴᠢ ᠢᠤᠢ ᠬᠤᠸᠠ |
关键词 |
ᠰᠢᠷᠠᠢᠭᠤᠤᠯ ᠤᠨ ᠪᠠᠢᠯᠳᠤᠭᠠᠨ; ᠬᠤᠷ ᠯᠢᠩ ᠤᠨ ᠲᠠᠢᠯᠠᠯᠳᠤᠭᠠᠨ;ᠡᠷᠡᠭᠲᠡᠢ ᠪᠠᠭᠠᠲᠤᠷ; ᠢᠳᠡ ᠬᠦᠴᠦ |
摘要 |
《ᠭᠡᠰᠡᠷ》 ᠪᠤᠯ ᠮᠣᠩᠭᠤᠯ ᠲᠦᠪᠡᠳ ᠦᠨᠳᠦᠰᠦᠲᠡᠨ ᠤ ᠬᠠᠮᠲᠤ ᠶᠢᠨ ᠰᠣᠶᠣᠯ ᠤᠨ ᠦᠪ᠂ ᠬᠤᠶᠠᠷ ᠦᠨᠳᠦᠰᠦᠲᠡᠨ ᠤ ᠡᠷᠲᠡᠨ ᠤ ᠠᠮᠢᠳᠤᠷᠠᠯ ᠲᠡᠮᠡᠴᠡᠯ ᠤᠨ ᠲᠡᠦᠬᠡ ᠶᠢᠨ ᠨᠢᠭᠡ ᠬᠡᠰᠡᠭ ᠶᠣᠮ᠃ ᠡᠭᠦᠨ ᠳ᠋ᠤ ᠮᠣᠩᠭᠤᠯ ᠲᠦᠪᠡᠳ《 ᠭᠡᠰᠡᠷ》 ᠤᠨ ᠨᠢᠷᠤᠭᠤᠪᠴᠢ ᠪᠦᠯᠦᠭ ᠪᠤᠯᠬᠤ《 ᠰᠢᠷᠠᠢᠢᠭᠤᠤᠯ ᠤᠨ ᠪᠠᠢᠯᠳᠤᠭᠠᠨ》 ᠪᠠ 《 ᠬᠤᠷ ᠯᠢᠩ ᠤᠨ ᠲᠠᠢᠯᠠᠯᠳᠤᠭᠠᠨ》 ᠤ ᠲᠤᠬᠠᠢ ᠭᠠᠠᠵᠠᠷ ᠵᠦᠢ᠂ ᠠᠢᠮᠠᠭ ᠤᠭᠰᠠᠭᠠᠠ ᠶᠢᠨ ᠲᠤᠬᠠᠢ ᠰᠣᠳᠤᠯᠭᠠᠨ᠂ ᠠᠭᠤᠯᠭ᠎ᠠ ᠶᠢᠨ ᠬᠠᠷᠢᠴᠠᠭᠤᠯᠤᠭᠰᠠᠨ ᠰᠣᠳᠤᠯᠭᠠᠨ ᠵᠡᠷᠭᠡ ᠪᠡᠷ ᠤᠯᠠᠨ ᠲᠠᠯ ᠠ ᠪᠡᠷ ᠶᠠᠪᠤᠭᠳᠠᠵᠤ ᠪᠠᠢᠭ᠎ᠠ ᠶᠣᠮ᠃ ᠲᠤᠰ ᠦᠭᠦᠯᠡᠯ ᠳ᠋ᠤ ᠮᠣᠩᠭᠤᠯ ᠲᠦᠪᠡᠳ《 ᠭᠡᠰᠡᠷ》 ᠤᠨ ᠬᠠᠷᠢᠴᠠᠭᠠᠨ ᠤ ᠰᠣᠳᠤᠯᠭᠠᠨ ᠢ ᠤᠯᠠᠮ ᠨᠢᠭᠡ ᠠᠯᠬᠤᠮ ᠨᠠᠷᠢᠰᠬᠠᠨ ᠬᠦᠨᠵᠡᠭᠡᠢᠢᠷᠡᠬᠦᠯᠦᠨ ᠰᠣᠳᠤᠯᠬᠤ ᠵᠤᠷᠢᠯᠭ᠎ᠠ ᠡᠴᠡ 《 ᠰᠢᠷᠠᠢᠭᠤᠤᠯ ᠤᠨᠪᠠᠢᠯᠳᠤᠭᠠᠨ》 ᠪᠠ 《 ᠬᠤᠷ ᠯᠢᠩ ᠤᠨ ᠲᠠᠢᠯᠠᠯᠳᠤᠭᠠᠨ》 ᠳ᠋ᠤ ᠢᠯᠡᠷᠡᠭᠰᠡᠨ ᠵᠦᠪ ᠲᠠᠯ ᠠ ᠶᠢᠨ ᠡᠷᠡᠭᠲᠡᠢ ᠪᠠᠭᠠᠲᠤᠷ ᠤᠳ ᠢ ᠢᠳᠡ ᠬᠦᠴᠦᠨ ᠤ ᠲᠠᠯ ᠠ ᠪᠡᠷ ᠬᠠᠷᠢᠴᠠᠭᠤᠯᠤᠨ ᠰᠢᠨᠵᠢᠯᠡᠵᠦ᠂ ᠲᠡᠭᠦᠨ ᠤ ᠨᠡᠢᠲᠡᠯᠢᠭ ᠰᠢᠨᠵᠢ ᠪᠠ ᠦᠪᠡᠷᠮᠢᠴᠡ ᠰᠢᠨᠵᠢ ᠵᠢ ᠢᠯᠡᠷᠡᠭᠦᠯᠬᠦ ᠪᠡᠷ ᠵᠤᠷᠢᠪᠠ᠃ |
原文 |
查看原文
|
出自 |
内蒙古民族大学学报(社会科学)
2020年
第2期
|