题名 |
ᠲᠦᠷᠪᠡᠳ ᠠᠮᠠᠨ ᠶᠠᠷᠢᠶᠠᠨ ᠤ ᠦᠪᠡᠷᠮᠢᠴᠡ ᠦᠭᠡᠰ ᠤᠨ ᠰᠠᠩ ᠤᠨ ᠣᠨᠴᠠᠯᠢᠭ ᠤᠨ ᠲᠤᠬᠠᠢ ᠲᠦᠭᠦᠮ ᠦᠭᠦᠯᠡᠬᠦ ᠨᠢ |
作者 |
ᠤᠷᠠᠨ᠎ᠠ |
关键词 |
ᠲᠦᠷᠪᠡᠳ ᠠᠮᠠᠨ ᠶᠠᠷᠢᠶ ᠠ; ᠪᠤᠳᠠᠳᠤ ᠦᠭᠡ |
摘要 |
ᠲᠦᠷᠪᠡᠳ ᠠᠮᠠᠨ ᠶᠠᠷᠢᠶ ᠠ ᠨᠢ ᠬᠤᠷᠴᠢᠨ ᠠᠮᠠᠨ ᠠᠶᠠᠯᠭᠤᠨ ᠤ ᠨᠢᠭᠡ ᠪᠦᠷᠢᠯᠳᠦᠬᠦᠨ ᠬᠡᠰᠡᠭ ᠪᠤᠯᠤᠭᠰᠠᠨ ᠤ ᠬᠤᠪᠢ ᠳ᠋ᠤ ᠦᠭᠡᠰ ᠤᠨ ᠰᠠᠩ ᠤᠨ ᠲᠠᠯ ᠠ ᠪᠡᠷ ᠲᠡᠭᠦᠨ ᠳ᠋ᠤ ᠬᠤᠷᠴᠢᠨ ᠤ ᠪᠤᠰᠤᠳ ᠠᠮᠠᠨ ᠶᠠᠷᠢᠶᠠᠨ ᠳ᠋ᠤ ᠪᠠᠢᠭ᠎ᠠ ᠨᠡᠢᠲᠡᠯᠢᠭ ᠵᠦᠢᠯ ᠪᠠᠢᠭ᠎ᠠ ᠮᠦᠷᠲᠡᠭᠡᠨ ᠪᠤᠰᠤᠳ ᠠᠮᠠᠨ ᠶᠠᠷᠢᠶᠠᠨ ᠡᠴᠡ ᠢᠯᠭᠠᠭᠳᠠᠬᠤ ᠦᠪᠡᠷ ᠤᠨ ᠭᠡᠬᠦ ᠤᠨᠴᠠᠯᠢᠭ ᠪᠦᠬᠦᠢ ᠦᠭᠡᠰ ᠮᠦᠨ ᠴᠦ ᠮᠠᠰᠢ ᠤᠯᠠᠨ ᠪᠤᠢ᠃ ᠲᠤᠰ ᠦᠭᠦᠯᠡᠯ ᠳ᠋ᠤ ᠵᠤᠬᠢᠶᠠᠭᠴᠢ ᠡᠴᠡ ᠦᠪᠡᠷ ᠤᠨ ᠪᠡᠯᠡ ᠪᠠᠢᠴᠠᠭᠠᠯᠲᠠ ᠶᠢᠨ ᠮᠠᠲ᠋ᠸᠷᠢᠲᠠᠯ ᠳ᠋ᠠᠭᠠᠨ ᠲᠤᠯᠭᠠᠭᠤᠷᠢᠯᠠᠨ᠂ ᠲᠦᠷᠪᠡᠳ ᠮᠣᠩᠭᠤᠯᠴᠤᠳ ᠤᠨ ᠡᠳᠦᠷ ᠲᠤᠳᠤᠮ ᠤᠨ ᠠᠮᠠᠨ ᠶᠠᠷᠢᠶᠠᠨ ᠳ᠋ᠤ ᠲᠦᠭᠡᠮᠡᠯᠬᠡᠷᠡᠭᠯᠡᠭᠳᠡᠵᠦ ᠪᠠᠢᠭ᠎ᠠ ᠦᠪᠡᠷᠮᠢᠴᠡ ᠣᠨᠴᠠᠯᠢᠭ ᠪᠦᠬᠦᠢ ᠦᠭᠡᠰ ᠡᠴᠡ ᠰᠤᠩᠭᠤᠨ ᠠᠪᠴᠤ ᠲᠦᠬᠦᠮ ᠲᠠᠢᠯᠪᠤᠷᠢ ᠬᠢᠵᠦ᠂ᠲᠤᠰ ᠠᠮᠠᠨ ᠶᠠᠷᠢᠶᠠᠨ ᠤ ᠬᠡᠯᠡᠨ ᠳ᠋ᠡᠬᠢ ᠦᠪᠡᠷᠮᠢᠴᠡ ᠬᠦᠭᠵᠢᠯ ᠤᠨ ᠤᠨᠴᠠᠯᠢᠭ ᠰᠢᠨᠵᠢ ᠵᠢ ᠬᠠᠢᠨ ᠰᠣᠳᠤᠯᠬᠤ ᠪᠡᠷᠲᠠᠮᠵᠢᠨ᠂ ᠡᠢᠮᠦᠷᠬᠦᠦ ᠨᠤᠲᠤᠭ ᠤᠨ ᠠᠶᠠᠯᠭᠤ᠂ ᠠᠮᠠᠨ ᠶᠠᠷᠢᠶᠠᠨ ᠳ᠋ᠤ ᠯᠡ ᠦᠯᠡᠳᠡᠭᠳᠡᠨ ᠬᠡᠷᠡᠭᠯᠡᠭᠳᠡᠵᠦ ᠪᠠᠢᠭ᠎ᠠ ᠦᠭᠡᠰ ᠢ ᠲᠡᠮᠳᠡᠭᠯᠡᠨ ᠲᠤᠳᠤᠷᠬᠠᠢᠯᠠᠵᠤ᠂ᠮᠠᠨ ᠤ ᠤᠳᠤ ᠦᠶ ᠠ ᠶᠢᠨ ᠮᠣᠩᠭᠤᠯ ᠬᠡᠯᠡ ᠠᠶᠠᠯᠭᠤᠨ ᠤ ᠬᠦᠭᠵᠢᠯ ᠤᠨ ᠵᠢᠮ ᠠ ᠬᠠᠤᠯᠢ ᠵᠢ ᠰᠣᠳᠤᠯᠵᠤ ᠰᠢᠨᠵᠢᠬᠦ ᠳ᠋ᠤ ᠵᠢᠭᠠᠬᠠᠨ ᠴᠦ ᠭᠡᠰᠡᠨ ᠨᠡᠮᠡᠷᠢ ᠪᠤᠯᠬᠤ ᠵᠢ ᠵᠤᠷᠢᠭᠰᠠᠨ ᠶᠣᠮ᠃ |
原文 |
查看原文
|
出自 |
内蒙古民族大学学报(社会科学)
2020年
第2期
|