摘要 |
ᠬᠤᠪᠢᠰᠬᠠᠯᠲᠤ ᠲᠡᠦᠭᠡᠨ ᠲᠤᠭᠤᠵᠢᠰ ᠤᠨ ᠬᠦᠦᠷᠨᠢᠯ ᠤᠨ ᠬᠡᠪᠰᠢᠯ ᠨᠢ 1950-70ᠣᠨ ᠳ᠋ᠤ ᠪᠦᠷᠢᠯᠳᠦᠨ ᠲᠤᠭᠲᠠᠪᠤᠷᠢᠵᠢᠵᠦ᠂ ᠪᠦᠷᠢᠯᠳᠦᠯ ᠤᠨ ᠦᠶ ᠠ᠂ ᠬᠦᠭᠵᠢᠯ ᠤᠨ ᠦᠶ ᠠ ᠪᠠ ᠲᠦᠢᠯᠰᠢᠷᠡᠯ ᠤᠨ ᠦᠶ ᠠ ᠭᠡᠬᠦ ᠭᠤᠷᠪᠠᠨ ᠱᠠᠲᠤ ᠦᠶ ᠠ ᠵᠢ ᠲᠤᠭᠤᠯᠤᠭᠰᠠᠨ ᠶᠣᠮ᠃ ᠲᠤᠰ ᠬᠦᠦᠷᠨᠢᠯ =ᠤᠨᠬᠡᠪᠰᠢᠯ ᠨᠢ ᠨᠡᠢᠭᠡᠮ ᠵᠢᠷᠤᠮᠲᠤ ᠠᠬᠤᠢᠴᠢ ᠦᠵᠡᠯ ᠪᠤᠶᠤ 《 ᠬᠤᠶᠠᠷ ᠢ ᠤᠶᠠᠯᠳᠤᠭᠤᠯᠬᠤ 》 ᠵᠤᠬᠢᠶᠠᠨ ᠪᠦᠲᠦᠭᠡᠬᠦ ᠠᠷᠭ᠎ᠠ ᠪᠡᠷ ᠵᠢᠯᠤᠭᠤᠳᠤᠯᠭ᠎ᠠ ᠪᠤᠯᠭᠠᠵᠤ᠂ ᠲᠦᠷᠢ ᠪᠦᠲᠦᠭᠡᠯᠭᠡ ᠶᠢᠨ ᠬᠡᠪ ᠰᠢᠨᠵᠢᠵᠢᠬᠦᠯᠬᠦ ᠵᠠᠷᠴᠢᠮ ᠢ ᠪᠦᠷᠢᠮᠳᠠᠯᠠᠨ᠂ ᠦᠨᠡᠨ ᠶᠤᠰᠤᠵᠢᠭᠰᠠᠨ ᠲᠡᠦᠭᠡ ᠶᠢᠨ ᠲᠦᠯᠦᠭᠡᠨ ᠤ ᠬᠦᠮᠦᠨ ᠪᠤᠯᠬᠤ ᠬᠦᠦᠷᠨᠢᠭ᠍ᠴᠢ᠂ ᠢᠵᠢ ᠪᠦᠷᠢᠨ ᠰᠢᠨᠵᠢ ᠵᠢ ᠴᠢᠬᠤᠯᠠᠴᠢᠯᠠᠭᠰᠠᠨ ᠦᠢᠯᠡ ᠶᠠᠪᠤᠳᠠᠯ᠂ ᠲᠤᠤᠯᠢᠰᠯᠢᠭ ᠰᠢᠨᠵᠢ ᠵᠢ ᠬᠦᠭᠡᠭᠡᠴᠡᠯᠳᠦᠭᠰᠡᠨ ᠬᠡᠪ ᠨᠠᠮᠪᠠ᠂ ᠲᠤᠭᠤᠵᠢᠰ ᠤᠨ ᠭᠤᠤᠯ ᠪᠠᠭᠠᠲᠤᠷ ᠢ ᠵᠠᠩ ᠴᠢᠨᠠᠷᠵᠢᠭᠤᠯᠬᠤ ᠬᠡᠪ ᠵᠢᠷᠤᠮᠵᠢᠯ ᠵᠢᠷᠭᠡ ᠠᠭᠤᠯᠭ᠎ᠠ ᠪᠦᠬᠦᠢ ᠬᠦᠦᠷᠨᠢᠯ ᠤᠨ ᠬᠡᠪᠰᠢᠯ ᠢ ᠪᠦᠷᠢᠯᠳᠦᠬᠦᠯᠵᠡᠢ᠃ |