题名 |
ᠰᠣᠶᠣᠯ ᠤᠨ ᠭᠸᠨ ᠤ ᠤᠨᠤᠯ ᠤᠨ ᠬᠠᠷᠭᠠᠰᠤ ᠡᠴᠡ ᠮᠣᠩᠭᠤᠯ ᠵᠦᠪ ᠪᠢᠴᠢᠯᠭᠡ ᠶᠢᠨ ᠵᠠᠷᠢᠮ ᠠᠰᠠᠭᠤᠳᠠᠯ ᠢ ᠰᠢᠨᠵᠢᠯᠡᠬᠦ ᠨᠢ |
作者 |
ᠤᠷᠭᠤᠭ᠎ᠠ |
关键词 |
ᠰᠣᠶᠣᠯ ᠤᠨ ᠭᠸᠨ;ᠦᠭᠡᠰ ᠤᠨ ᠰᠠᠩ; ᠵᠦᠪ ᠪᠢᠴᠢᠯᠭᠡ |
摘要 |
ᠰᠣᠶᠣᠯ ᠤᠨ ᠭᠸᠨ ᠨᠢ ᠬᠦᠮᠦᠨ ᠲᠦᠷᠦᠯᠬᠢᠲᠠᠨ ᠤ ᠣᠶᠤᠯ ᠤᠨ ᠲᠠᠪᠰᠢᠯᠲᠠ ᠶᠢᠨ ᠦᠨᠳᠦᠰᠦᠨ ᠨᠢᠭᠡᠴᠢ᠂ᠲᠡᠷᠡᠴᠢᠯᠠᠨ ᠰᠣᠶᠣᠯ ᠤᠨ ᠭᠸᠨ ᠨᠢ ᠲᠠᠮᠵᠢᠨ ᠲᠠᠷᠬᠠᠬᠤ ᠲᠤᠮᠳᠠ ᠬᠦᠭᠵᠢᠵᠦ ᠬᠤᠪᠢᠷᠠᠳᠠᠭ᠃ ᠮᠣᠩᠭᠤᠯ ᠬᠡᠯᠡ ᠰᠣᠶᠣᠯ ᠤᠨ ᠬᠦᠭᠵᠢᠯᠲᠡ ᠶᠢᠨ ᠲᠡᠦᠭᠡ ᠶᠢᠨ ᠶᠠᠪᠤᠴᠠ ᠡᠴᠡ ᠠᠵᠢᠭᠯᠠᠬᠤ ᠳ᠋ᠤ᠂ ᠰᠣᠶᠣᠯ ᠤᠨ ᠭᠸᠨ ᠤ ᠤᠨᠤᠯ ᠲᠠᠢᠨᠡᠢᠴᠡᠬᠦ ᠵᠦᠢᠯ ᠤᠯᠠᠨ ᠪᠤᠢ᠃ ᠡᠭᠦᠨ ᠳ᠋ᠤ ᠨᠡᠢᠭᠡᠮ ᠨᠡᠢᠲᠡ ᠶᠢᠨ ᠠᠩᠬᠠᠷᠤᠯ ᠢ ᠲᠲᠠᠭᠠᠨ ᠮᠣᠩᠭᠤᠯ ᠬᠡᠯᠡᠨ ᠤ ᠦᠭᠡᠰ ᠤᠨ ᠰᠠᠩ ᠤᠨ ᠵᠦᠪ ᠪᠢᠴᠢᠯᠭᠡ ᠶᠢᠨ ᠲᠦᠷᠢᠮᠵᠢᠯ ᠤᠨ ᠲᠠᠯ ᠠ ᠳᠦ ᠴᠦ ᠰᠣᠶᠣᠯ ᠤᠨ ᠭᠸᠨ ᠤ ᠨᠦᠯᠦᠭᠡᠯᠡᠯ ᠢ ᠠᠩᠬᠠᠷᠬᠤ ᠨᠢ ᠮᠠᠰᠢ ᠴᠢᠬᠤᠯᠠ᠃ ᠦᠭᠦᠯᠡᠯ ᠳ᠋ᠤ᠂ ᠰᠣᠶᠣᠯ ᠤᠨᠭᠸᠩ ᠤ ᠤᠨᠤᠯ ᠢᠢᠡᠷ ᠦᠨᠳᠦᠰᠦᠯᠡᠯ ᠪᠤᠯᠭᠠᠵᠤ᠂ ᠮᠠᠷᠭᠤᠭᠠᠨ ᠲᠠᠢ ᠬᠡᠰᠡᠭ ᠬᠡᠪᠰᠢᠭᠰᠡᠨ ᠪᠢᠴᠢᠯᠭᠡ ᠪᠠ ᠲᠦᠷᠢᠮᠵᠢᠭᠦᠯᠦᠭᠰᠡᠨ ᠪᠢᠴᠢᠯᠭ ᠡᠵᠢ ᠵᠠᠳᠠᠯᠤᠨ ᠰᠢᠨᠵᠢᠯᠡᠵᠦ᠂ ᠮᠣᠩᠭᠤᠯ ᠵᠦᠪ ᠪᠢᠴᠢᠯᠭᠡ ᠶᠢᠨ ᠠᠰᠠᠭᠤᠳᠠᠯ ᠤᠨ ᠲᠠᠯ ᠠ ᠪᠡᠷ ᠦᠪᠡᠷ ᠤᠨ ᠦᠵᠡᠯ ᠪᠤᠳᠤᠯ ᠢᠢᠡᠨ ᠲᠡᠪᠰᠢᠭᠦᠯᠪᠡ᠃ |
原文 |
查看原文
|
出自 |
内蒙古社会科学(蒙文版)
2020年
第4期
|