题名 |
ᠮᠣᠩᠭᠤᠯ ᠰᠣᠶᠣᠯ ᠤᠨ ᠵᠢᠳᠬᠦᠯᠲᠡᠨ ᠪᠦᠬᠡᠬᠡᠰᠢᠭ ᠤᠨ ᠨᠠᠮᠳᠠᠷ ᠲᠡᠦᠭᠡ ᠶᠢᠨ ᠵᠠᠷᠢᠮ ᠠᠰᠠᠭᠤᠳᠠᠯ ᠤᠨ ᠲᠤᠬᠠᠢ |
作者 |
ᠨᠠᠷᠠᠰᠤ᠂ ᠦᠪᠦᠷ ᠮᠣᠩᠭᠤᠯ ᠤᠨ ᠨᠠᠢᠮᠠᠨ ᠬᠤᠰᠢᠭᠤᠨ ᠳ᠋ᠤ ᠨᠤᠲᠤᠭ ᠲᠠᠢ᠂ ᠦᠪᠦᠷ ᠮᠣᠩᠭᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠤᠭᠰᠠᠭᠠᠲᠠᠨ ᠵᠦᠢ ᠬᠦᠮᠦᠨ ᠵᠦᠢ ᠶᠢᠨ ᠲᠡᠭᠡᠳᠦ ᠰᠤᠷᠭᠠᠭᠤᠯᠢ ᠶᠢᠨ ᠪᠠᠭᠰᠢ᠂ ᠳ᠋ᠤᠺᠲ᠋ᠤᠷ᠃ |
关键词 |
ᠪᠦᠬᠡᠬᠡᠰᠢᠭ; ᠨᠠᠮᠲᠠᠷ ᠲᠡᠦᠭᠡ; ᠰᠢᠨ᠎ᠠ ᠪᠠᠷᠢᠮᠲᠠ |
摘要 |
ᠤᠳᠤᠬᠠᠨ ᠤ ᠡᠷᠲᠡᠮ ᠰᠢᠨᠵᠯᠡᠭᠡᠨ ᠤ ᠬᠦᠷᠢᠶᠠᠨ ᠳ᠋ᠤ ᠪᠦᠬᠡᠬᠡᠰᠢᠭ ᠬᠢᠭᠡᠳ ᠲᠡᠭᠦᠨ ᠤ ᠡᠭᠦᠰᠭᠡᠨ ᠪᠠᠢᠭᠤᠯᠤᠭᠰᠠᠨ ᠮᠣᠩᠭᠤᠯ ᠤᠳᠬ ᠠ ᠶᠢᠨ ᠰᠤᠷᠭᠠᠯ ᠤᠨ ᠬᠤᠷᠠᠯ ᠤᠨ ᠲᠤᠬᠠᠢ ᠰᠣᠳᠤᠯᠭ᠎ᠠ ᠮᠠᠰᠢ ᠡᠷᠴᠢᠮᠲᠠᠢ ᠶᠠᠪᠤᠭᠳᠠᠵᠤ ᠶᠡᠬᠡᠬᠡᠨ ᠠᠮᠵᠢᠯᠲᠠ ᠤᠯᠠᠵᠢ᠃ ᠭᠡᠲᠡᠯ ᠠ ᠰᠢᠨ᠎ᠠ ᠪᠠᠷᠢᠯᠲᠠ ᠵᠢ ᠬᠠᠢᠨ ᠢᠯᠡᠷᠡᠬᠦᠯᠬᠦ ᠵᠢ ᠲᠠᠭᠠᠯᠳᠤᠨ ᠪᠦᠬᠡᠬᠡᠰᠢᠭ ᠰᠣᠳᠤᠯᠤᠯ ᠨᠢ ᠵᠠᠷᠢᠮ ᠲᠠᠯ ᠠ ᠪᠡᠷ ᠨᠦᠬᠦᠪᠦᠷᠢᠯᠡᠬᠦ ᠪᠤᠶᠤ ᠤᠯᠠᠮ ᠤᠯᠠ ᠰᠠᠭᠤᠷᠢ ᠲᠠᠢ ᠰᠣᠳᠤᠯᠭ᠎ᠠ ᠬᠢᠬᠦ ᠪᠤᠯᠤᠮᠵᠢ ᠲᠠᠢ ᠪᠤᠯᠵᠠᠢ᠃ᠲᠤᠰ ᠦᠭᠦᠯᠡᠯ ᠳ᠋ᠤ ᠦᠩᠭᠡᠷᠡᠭᠰᠡᠨ ᠤ ᠰᠣᠳᠤᠯᠭᠠᠨ ᠤ ᠦᠷ ᠠ ᠪᠦᠲᠦᠭᠡᠯ ᠳ᠋ᠤ ᠰᠠᠭᠤᠷᠢᠯᠠᠨ1930-1940ᠭᠡᠳ ᠣᠨ ᠤ ᠮᠣᠩᠭᠤᠯ ᠲᠡᠦᠭᠡ ᠶᠢᠨ ᠴᠢᠬᠤᠯᠠ ᠰᠤᠷᠪᠤᠯᠵᠢ -《ᠤᠯᠠᠭᠠᠨ ᠪᠠᠷᠰ》᠂《 ᠮᠣᠩᠭᠤᠯ ᠰᠢᠨ᠎ᠠ ᠰᠡᠳᠬᠦᠯ》᠂《ᠬᠦᠬᠡ ᠲᠤᠭ》 ᠵᠡᠷᠭᠡ ᠮᠣᠩᠭᠤᠯ ᠲᠤᠭᠲᠠᠮᠠᠯ ᠲᠠᠷᠤᠮᠠᠯ ᠬᠢᠭᠡᠳ ᠬᠤᠯᠪᠤᠭᠳᠠᠯ ᠪᠦᠬᠦᠢ ᠮᠠᠲ᠋ᠸᠷᠢᠶᠠᠯ ᠳ᠋ᠤ ᠲᠤᠯᠭᠠᠭᠤᠷᠢᠯᠠᠨ ᠪᠦᠬᠡᠬᠡᠰᠢᠭ ᠤᠨ ᠨᠠᠮᠲᠠᠷ ᠲᠡᠦᠭᠡ ᠪᠠ ᠲᠡᠭᠦᠨ ᠤ ᠰᠤᠷᠭᠠᠨ ᠬᠦᠮᠦᠵᠢᠯ ᠤᠨ ᠦᠢᠯᠡᠰ ᠤᠨ ᠵᠠᠷᠢᠮ ᠪᠦᠷᠬᠦᠭ ᠵᠦᠢᠯ ᠢ ᠲᠡᠦᠬᠡᠴᠢᠯᠠᠨ ᠲᠣᠳᠤᠷᠠᠭᠤᠯᠬᠤ ᠵᠢ ᠵᠤᠷᠢᠪᠠ᠃ |
原文 |
查看原文
|
出自 |
内蒙古大学学报
2020年
第5期
|