摘要 |
ᠮᠣᠩᠭᠤᠯᠵᠢᠨ ᠲᠡᠳ᠋ ᠠᠮᠠᠨ ᠠᠶᠠᠯᠭᠤ ᠵᠢ ᠬᠠᠷᠠᠴᠢᠨ ᠲᠦᠮᠡᠨᠳ ᠠᠮᠠᠨ ᠠᠶᠠᠯᠭᠤᠨ ᠤ ᠨᠢᠭᠡᠨ ᠰᠯᠠᠪᠤᠷᠢ ᠠᠶᠠᠯᠭᠤ ᠪᠡᠷ ᠦᠵᠡᠳᠡᠭ᠃ ᠤᠳᠠᠭᠠᠨ ᠤᠨ ᠤ ᠪᠤᠯᠪᠠᠰᠤᠨ ᠲᠡᠦᠭᠡ ᠲᠡᠢ ᠮᠣᠩᠭᠤᠯᠵᠢᠨ ᠨᠤᠲᠤᠭ ᠤᠨ ᠪᠠᠢᠭᠠᠯᠢ ᠣᠷᠴᠢᠨ᠂ ᠲᠡᠦᠭᠡ᠂ ᠰᠣᠶᠣᠯ᠂ ᠠᠵᠤ ᠠᠬᠤᠢ᠂ ᠱᠠᠢᠨ ᠰᠤᠷᠲᠠᠬᠤᠨ᠂ ᠵᠠᠩ ᠵᠠᠩᠰᠢᠯ ᠵᠡᠷᠭᠡ ᠡᠴᠡ ᠰᠢᠯᠲᠠᠭᠠᠯᠠᠭᠳᠠᠭᠠᠳ᠂ ᠮᠣᠩᠭᠤᠯᠵᠢᠨᠴᠢᠳ ᠤᠨ ᠬᠡᠯᠡ ᠠᠶᠠᠯᠭᠤᠨ ᠳ᠋ᠤ ᠵᠢᠭᠡᠯᠡᠭᠡ ᠦᠭᠡ ᠪᠤᠶᠤ ᠬᠠᠷᠢ ᠭᠠᠷᠤᠯᠲᠠᠢ ᠦᠭᠡ ᠨᠡᠯᠢᠶᠡᠳ ᠤᠯᠠᠨ ᠰᠢᠩᠭᠡᠭᠰᠡᠨ ᠪᠠᠢᠨ᠎ᠠ᠃ ᠡᠨᠳᠡ ᠮᠣᠩᠭᠤᠯᠵᠢᠨ ᠲᠡᠳ᠋ ᠠᠮᠠᠨ ᠠᠶᠠᠯᠭᠤᠨ ᠤ ᠵᠢᠭᠡᠯᠡᠭᠡ ᠦᠭᠡ ᠶᠢᠨ ᠪᠠᠢᠳᠠᠯ ᠢ ᠦᠭᠡᠰ ᠤᠨ ᠠᠢᠮᠠᠭ ᠂ᠬᠡᠯᠪᠡᠷᠢ ᠲᠠᠭᠤᠳᠠᠯᠭ᠎ᠠ᠂ ᠤᠳᠬ ᠠ ᠬᠡᠷᠡᠭᠯᠡᠭᠡ ᠪᠠ ᠢᠡᠠᠯ ᠭᠠᠷᠤᠯ ᠵᠡᠷᠭᠡ ᠲᠠᠯ ᠠ ᠡᠴᠡ ᠲᠤᠳᠤᠷᠬᠠᠢᠯᠠᠨ ᠲᠠᠢᠯᠪᠤᠷᠢᠯᠠᠬᠤ ᠵᠢ ᠵᠤᠷᠢᠪᠠ᠃ |