摘要 |
ᠲᠤᠰ ᠦᠭᠦᠯᠡᠯ ᠳ᠋ᠤ ᠭᠸᠷᠮᠠᠨ ᠤᠯᠤᠰ ᠤᠨ ᠳ᠋ᠸᠰᠳ᠋ᠸᠠ ᠬᠤᠲᠠ ᠶᠢᠨ ᠨᠣᠮ ᠤᠨ ᠰᠠᠩ ᠤᠨ ᠬᠤᠪᠤᠷ ᠨᠣᠮ ᠤᠨ ᠠᠷᠬᠢᠪ ᠲᠤ 《 ᠯᠠᠮᠠ ᠡᠷᠳᠡᠨᠢ ᠬᠢᠭᠡᠳ ᠭᠡᠰᠡᠷ ᠬᠠᠭᠠᠨ ᠤ ᠲᠣᠮᠤᠭ》 ᠭᠡᠬᠦ ᠲᠤᠳᠤ ᠮᠣᠩᠭᠤᠯ ᠦᠰᠦᠭ ᠤᠨ ᠭᠠᠷ ᠪᠢᠴᠢᠮᠡᠯ ᠰᠣᠳᠤᠷ ᠢ ᠰᠣᠳᠤᠷ ᠤᠨᠪᠠᠢᠳᠠᠯ᠂ ᠰᠣᠳᠤᠷ ᠤᠨ ᠬᠠᠳᠠᠭᠠᠯᠠᠯᠲᠠ ᠳ᠋ᠤ ᠬᠤᠯᠪᠤᠭᠳᠠᠬᠤ ᠪᠤᠰᠤᠳ ᠵᠦᠢᠯ᠂ ᠰᠣᠳᠤᠷ ᠤᠨ ᠭᠠᠷᠴᠠᠭ᠂ ᠰᠣᠳᠤᠷ ᠤᠨ ᠠᠭᠤᠯᠭ᠎ᠠ᠂ ᠰᠣᠳᠤᠷ ᠤᠨ ᠢᠷᠡᠯ ᠭᠠᠷᠤᠯ ᠳ᠋ᠤ ᠬᠤᠯᠪᠤᠭᠳᠠᠬᠤ ᠠᠰᠠᠭᠤᠳᠠᠯ᠂ ᠰᠣᠳᠤᠷ ᠤᠨ ᠵᠤᠬᠢᠶᠠᠭᠳᠠᠭᠰᠠᠨ ᠴᠠᠭ ᠦᠶ ᠡ ᠶᠢᠨ ᠲᠦᠰᠦᠭᠡᠯᠡᠯ ᠭᠡᠬᠦ ᠵᠢᠷᠭᠤᠭᠠᠨ ᠲᠠᠯ ᠠ ᠡᠴᠡ ᠰᠢᠨᠵᠢᠯᠡᠬᠦ ᠪᠡᠷ ᠲᠠᠮᠵᠢᠭᠤᠯᠵᠤ᠂ ᠲᠡᠷᠡ ᠨᠢ 《ᠭᠡᠰᠡᠷ ᠤᠨ ᠲᠤᠭᠤᠵᠢ》 ᠯᠤᠭ᠎ᠠ ᠬᠤᠯᠪᠤᠭ᠎ᠠ ᠦᠭᠡᠢ᠂ ᠬᠠᠷᠢᠨ ᠲᠦᠪᠡᠳ ᠬᠡᠯᠡᠨ ᠡᠴᠡ ᠲᠤᠳᠤ ᠮᠣᠩᠭᠤᠯ ᠪᠢᠴᠢᠭ ᠲᠤ ᠣᠷᠴᠢᠭᠤᠯᠤᠭᠰᠠᠨ ᠲᠦᠪᠡᠳ ᠤᠯᠠᠨᠵᠵᠢᠯᠠᠯᠲᠤ ᠪᠤᠳ᠋ᠳ᠋ᠾᠠ ᠶᠢᠨ ᠱᠠᠰᠢᠨ ᠤ ᠰᠣᠳᠤᠷ ᠪᠤᠯᠬᠤ ᠵᠢ ᠲᠤᠳᠤᠷᠬᠠᠢᠯᠠᠪᠠ᠃ |