摘要 |
ᠨᠠᠮᠤᠭ ᠲᠠᠷᠢᠶ ᠠ ᠨᠢ ᠮᠣᠩᠭᠤᠯᠴᠤᠳ ᠤᠨ ᠠᠮᠢᠳᠤᠷᠠᠯ ᠠᠬᠤᠢ ᠶᠢᠨ ᠬᠡᠷᠡᠭᠴᠡᠭᠡ᠂ ᠦᠪᠡᠷᠮᠢᠴᠡ ᠦᠵᠡᠯ ᠤᠢᠯᠠᠭᠠᠯᠲᠠ᠂ ᠦᠨᠳᠦᠰᠦᠳᠡᠨ ᠤ ᠠᠷᠠᠨᠰᠢᠨ ᠵᠢᠴᠢ ᠪᠠᠢᠭᠠᠯᠢ ᠶᠢᠨ ᠲᠤᠬᠠᠢ ᠤᠬᠠᠮᠰᠠᠷ ᠯᠤᠭ᠎ᠠ ᠰᠠᠢᠬᠠᠨ ᠵᠤᠬᠢᠴᠠᠵᠤ ᠪᠦᠷᠢᠯᠳᠦᠭᠰᠡᠨ ᠤᠨᠴᠠᠭᠠᠢ ᠨᠢᠭᠡ ᠵᠦᠢᠯ ᠤᠨ ᠲᠠᠷᠢᠶᠠᠯᠠᠩ ᠤᠨ ᠬᠡᠯᠪᠡᠷᠢ ᠪᠤᠯᠤᠨ᠎ᠠ᠃ ᠮᠣᠩᠭᠤᠯᠴᠤᠳ ᠤᠨ ᠠᠮᠠᠨ ᠤᠯᠠᠮᠵᠢᠯᠠᠯ ᠬᠢᠭᠡᠳ ᠲᠡᠦᠭᠡᠨ ᠰᠤᠷᠪᠤᠯᠵᠢᠰ ᠲᠡᠬᠢ ᠲᠡᠮᠳᠡᠭᠯᠡᠯ ᠳ᠋ᠤ ᠦᠨᠳᠦᠰᠦᠯᠡᠨ ᠰᠢᠨᠵᠢᠯᠡᠪᠡᠯ᠂ ᠮᠣᠩᠭᠤᠯᠴᠤᠳ ᠤᠨ 《 ᠨᠠᠮᠤᠭ ᠲᠠᠷᠢᠶ ᠠ》 ᠭᠡᠬᠦ ᠬᠡᠯᠡᠯᠭᠡ ᠶᠢᠨ ᠲᠤᠬᠠᠢ᠂ ᠨᠤᠭᠤ ᠲᠠᠷᠢᠶᠠᠯ ᠤᠨ ᠬᠦᠭᠵᠢᠯ ᠤᠨ ᠲᠡᠦᠬᠡᠨ ᠱᠠᠲᠦ ᠦᠶ ᠠ ᠬᠢᠭᠡᠳ ᠨᠠᠮᠤᠭ ᠲᠠᠷᠢᠶ ᠠ ᠨᠢ ᠶᠲᠠᠭᠠᠬᠢᠭᠠᠳ ᠮᠣᠩᠭᠤᠯᠴᠤᠳ ᠤᠨ ᠤᠯᠠᠮᠵᠢᠯᠠᠯᠲᠤ ᠲᠠᠷᠢᠶᠠᠯᠠᠩ ᠪᠤᠯᠤᠭᠰᠠᠨ ᠤᠴᠢᠷ ᠬᠤᠯᠪᠤᠭᠳᠠᠯ ᠢ ᠮᠡᠳᠡᠵᠦ ᠪᠤᠯᠤᠨ᠎ᠠ᠃ |