题名 |
ᠮᠣᠩᠭᠤᠯ ᠪᠢᠴᠢᠭ ᠤᠨ ᠲᠦᠷᠢᠮᠵᠢᠭᠦᠯᠦᠯ ᠤᠨ ᠲᠤᠬᠠᠢ ᠴ ᠨᠤᠷᠵᠢᠨ ᠤ ᠦᠵᠡᠯ ᠪᠠᠷᠢᠯᠲᠠᠯᠠᠯ ᠢ ᠲᠤᠷᠰᠢᠨ ᠦᠭᠦᠯᠡᠬᠦ ᠨᠢ |
作者 |
ᠴᠢᠩ ᠯᠢᠨ |
关键词 |
ᠡᠷᠡᠭᠲᠡᠢ᠂ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠷᠤᠨ ᠤ ᠮᠣᠩᠭᠤᠯ ᠬᠡᠯᠡ ᠦᠰᠦᠭ ᠪᠢᠴᠢᠭ ᠤᠨ ᠰᠣᠳᠤᠯᠭ᠎ᠠ ᠬᠡᠷᠡᠭᠯᠡᠭᠡᠨ ᠤ ᠲᠦᠪ ᠤᠨ ᠲᠡᠳ᠋ ᠬᠢᠠᠨᠠ ᠤᠷᠴᠢᠭᠤᠯᠤᠭᠴᠢ᠂ ᠋ᠳ᠋ᠤᠺᠲ᠋ᠤᠷ |
摘要 |
ᠼ ᠨᠤᠷᠵᠢᠨ ᠪᠤᠯ ᠮᠣᠩᠭᠤᠯ ᠬᠡᠯᠡ ᠪᠢᠴᠢᠭ ᠤᠨ ᠲᠦᠷᠢᠮᠵᠢᠬᠦᠯᠦᠯ ᠤᠨ ᠦᠢᠯᠡᠰ ᠲᠤ ᠠᠤᠭ᠎ᠠ ᠶᠡᠬ ᠠᠮᠵᠢᠯᠲᠠ ᠪᠦᠲᠦᠭᠡᠯ ᠭᠠᠷᠭᠠᠭᠰᠠᠨ ᠠᠬᠠᠮᠳ ᠡᠷᠳᠡᠮᠲᠡᠳ ᠤᠨ ᠲᠤᠳᠤᠷᠠᠬᠢ ᠴᠢᠬᠤᠯᠠ ᠨᠢᠭᠡᠨ ᠲᠦᠯᠦᠭᠡᠯᠡᠭᠴᠢ ᠮᠦᠨ᠃ ᠲᠡᠷᠡ ᠪᠡᠷ᠂ ᠮᠣᠩᠭᠤᠯ ᠬᠡᠯᠡ ᠪᠢᠴᠢᠭ ᠤᠨ ᠲᠦᠷᠢᠵᠢᠬᠦᠯᠦᠯ ᠤᠨ ᠲᠤᠳᠤᠷ ᠠ ᠪᠢᠴᠢᠯᠭᠡ ᠵᠢ ᠲᠦᠷᠢᠮᠵᠢᠬᠦᠯᠬᠦ ᠵᠢ ᠲᠦᠷᠦᠬᠦᠨᠪᠠᠢᠷᠢᠨ ᠳ᠋ᠤ ᠲᠠᠯᠪᠢᠭᠳᠠᠨ᠎ᠠ᠃ ᠮᠣᠩᠭᠤᠯ ᠪᠢᠴᠢᠭ ᠤᠨ ᠦᠰᠦᠭ ᠤᠨ ᠲᠦᠷᠢᠮ ᠤᠨ ᠶᠡᠷᠦᠩᠬᠡᠢ ᠵᠠᠷᠴᠢᠮ ᠳ᠋ᠤ ᠠᠪᠢᠶ ᠠ ᠵᠦᠢ ᠶᠢᠨ ᠵᠠᠷᠴᠢᠮ᠂ ᠦᠭᠡ ᠵᠦᠢ ᠶᠢᠨ ᠵᠠᠷᠴᠢᠮ᠂ ᠤᠳᠬ ᠠ ᠵᠦᠢ ᠶᠢᠨ ᠵᠠᠷᠴᠢᠮ ᠪᠤᠯᠤᠨ ᠭᠠᠷᠤᠯ ᠵᠦᠢ ᠶᠢᠨ ᠵᠠᠷᠴᠢᠮ ᠪᠤᠢ᠃ ᠮᠣᠩᠭᠤᠯ ᠪᠢᠴᠢᠭ ᠢ ᠲᠦᠷᠢᠮᠵᠢᠭᠦᠯᠬᠦ ᠠᠵᠢᠯ ᠢ ᠠᠩᠬᠠᠨ ᠤ ᠪᠤᠯᠤᠨ ᠲᠡᠭᠡᠳᠦ ᠭᠡᠬᠦ ᠬᠤᠶᠠᠷ ᠱᠠᠲᠤ ᠦᠶ ᠠ ᠬᠤᠪᠢᠶᠠ ᠨᠦᠷᠨᠢᠭᠦᠯᠵᠦ ᠪᠤᠯᠤᠨ᠎ᠠ᠃ ᠮᠣᠩᠭᠤᠯ ᠪᠢᠴᠢᠭ ᠢ ᠲᠦᠷᠢᠮᠵᠢᠬᠦᠯᠬᠦᠠᠵᠢᠯ ᠢ ᠰᠢᠨᠵᠢᠯᠡᠭᠡᠨ ᠤ ᠪᠠ ᠵᠠᠰᠠᠭ ᠤᠨ ᠭᠡᠬᠦ ᠬᠤᠶᠠᠷ ᠠᠭᠤᠯᠭ᠎ᠠ ᠪᠡᠷ ᠬᠢᠬᠦ ᠬᠡᠷᠡᠭᠲᠡᠢ; ᠲᠦᠷᠢᠮᠵᠢᠬᠦᠯᠬᠦ᠂ ᠰᠠᠢᠵᠢᠷᠠᠭᠤᠯᠬᠤ ᠪᠠ ᠦᠭᠡᠷᠡᠴᠢᠯᠠᠬᠦ ᠪᠤᠯ ᠢᠯᠭᠠᠭ᠎ᠠ ᠲᠠᠢ ᠮᠦᠷᠲᠡᠭᠡᠨ ᠬᠤᠯᠪᠤᠭ᠎ᠠ ᠲᠠᠢ ᠤᠬᠠᠭᠳᠠᠬᠤᠨ ᠮᠦᠨ ᠭᠡᠬᠦ ᠵᠡᠷᠭᠡ ᠦᠵᠡᠯ ᠪᠷᠢᠯᠲᠠᠯᠠᠯ ᠤᠳ ᠢ ᠲᠤᠳᠤᠷᠠᠭᠤᠯᠤᠨ ᠲᠤᠷᠠᠳᠤᠭᠰᠠᠨ ᠪᠠᠢᠨ᠎ᠠ᠃ |
原文 |
查看原文
|
出自 |
中国蒙古学
2020年
第4期
|