摘要 |
ᠠᠷᠠᠳ ᠤᠨ ᠲᠠᠭᠤᠤ《 ᠲᠠᠭᠤᠯᠠ》 ᠨᠢ ᠲᠠᠷᠬᠠᠨ ᠤᠯᠠᠮᠵᠢᠯᠠᠭᠳᠠᠬᠤ ᠶᠠᠪᠤᠴᠠ ᠳ᠋ᠠᠭᠠᠨ ᠠᠳᠠᠯᠢ ᠰᠡᠳᠦᠪᠲᠦ ᠠᠶᠠᠯᠭᠤᠲᠤ᠂ ᠠᠳᠠᠯᠢ ᠪᠤᠰᠤ ᠦᠭᠡ᠂ ᠦᠢᠯ ᠡᠶᠠᠪᠤᠳᠠᠯ ᠲᠠᠢ ᠰᠢᠨ᠎ᠠ ᠬᠤᠭᠤᠴᠢᠨ ᠬᠤᠶᠠᠷ ᠠᠳᠠᠯᠢ ᠪᠤᠰᠤ《 ᠲᠠᠭᠤᠯᠠ》 ᠪᠤᠢ ᠪᠤᠯᠤᠭᠰᠠᠨ ᠪᠠᠢᠨ᠎ᠠ᠃ ᠤᠷᠴᠢᠮ ᠤᠨ ᠵᠢᠯ ᠳ᠋ᠤ 《 ᠲᠠᠭᠤᠯᠠ》 ᠰᠣᠳᠤᠯᠤᠯ ᠳ᠋ᠤ ᠬᠤᠵᠢᠭᠤ ᠲᠡᠯᠭᠡᠷᠡᠭᠰᠡᠨ ᠰᠢᠨ᠎ᠠ《 ᠲᠠᠭᠤᠯᠠ》 ᠶᠢᠨ ᠰᠣᠳᠤᠯᠤᠯ ᠤᠯᠠᠨ ᠪᠠᠢᠭ᠎ᠠ ᠴᠦ ᠲᠡᠭᠦᠨ ᠤ ᠤᠭ ᠡᠬᠡ 《ᠲᠠᠭᠤᠯᠠ》 ᠶᠢᠨᠲᠤᠬᠠᠢ ᠲᠤᠷᠠᠳᠤᠯᠭ᠎ᠠ ᠬᠠᠷᠠᠬᠠᠨ ᠦᠭᠡᠢ ᠪᠠᠢᠳᠠᠯ ᠳ᠋ᠤ ᠬᠠᠨᠳᠤᠭᠤᠯᠤᠨ᠂ ᠰᠢᠨ᠎ᠠ ᠬᠤᠭᠤᠴᠢᠨ ᠬᠤᠶᠠᠷ《 ᠲᠠᠭᠤᠯᠠ》 ᠶᠢᠨ ᠡᠭᠦᠰᠦᠭᠰᠡᠨ ᠠᠬᠤᠢ ᠪᠠᠢᠳᠠᠯ᠂ ᠬᠤᠪᠢᠯᠪᠤᠷᠢ᠂ ᠲᠠᠭᠤᠨ ᠤ ᠲᠸᠺᠰᠲ ᠲᠤ ᠨᠠᠷᠢᠯᠢᠭ ᠲᠤᠳᠤ ᠬᠠᠷᠢᠴᠠᠭᠤᠯᠤᠯ ᠬᠢᠵᠦ᠂ ᠬᠤᠶᠠᠷ ᠠᠷᠠᠳ ᠤᠨ ᠲᠠᠭᠤᠤ《 ᠲᠠᠭᠤᠯᠠ》 ᠶᠢᠨ ᠠᠳᠠᠯᠢ ᠲᠠᠯ ᠠ ᠪᠡ ᠠᠳᠠᠯᠢ ᠪᠤᠰᠤ ᠲᠠᠯ ᠠ ᠵᠢ ᠨᠤᠲᠠᠯᠠᠵᠤ᠂《 ᠲᠠᠭᠤᠯ》 ᠭᠡᠳᠡᠭ ᠠᠷᠠᠳ ᠤᠨ ᠲᠠᠭᠤᠨ ᠳ᠋ᠤ ᠨᠤᠨᠪᠴᠢᠲᠠᠢ ᠳ᠋ᠦᠩ ᠭᠠᠷᠭᠠᠬᠤ ᠵᠢ ᠵᠤᠷᠢᠭᠰᠠᠨ ᠪᠠᠢᠨ᠎ᠠ᠃ |