题名 |
ᠵᠠᠩᠭᠠᠷᠴᠢ ᠠᠷᠢᠮᠫᠢᠯ ᠤᠨ 《 ᠵᠠᠩᠭᠠᠷ》 ᠤᠨ ᠵᠠᠷᠢᠮ ᠪᠦᠯᠦᠭ ᠤᠨ ᠬᠢᠲᠠᠳ ᠣᠷᠴᠢᠭᠤᠯᠭ᠎ᠠ ᠶᠢᠨ ᠠᠰᠠᠭᠤᠳᠠᠯ ᠳ᠋ᠤ— ᠵᠠᠩᠭᠠᠷ ᠤᠨ ᠬᠢᠲᠠᠳ ᠬᠡᠯᠡᠨ ᠤ ᠲᠦᠷᠪᠡᠨ ᠪᠡᠷ ᠬᠡᠪᠯᠡᠯ ᠤᠨ ᠵᠢᠱᠢᠶᠡᠨ ᠲᠡᠭᠡᠷ ᠠ |
作者 |
ᠴᠣᠮᠤᠷᠯᠢᠭ |
关键词 |
ᠡᠮᠡᠭᠲᠡᠢ᠂ ᠦᠪᠦᠷ ᠮᠣᠩᠭᠤᠯ ᠤᠨ ᠶᠡᠬᠡ ᠰᠤᠷᠭᠠᠭᠤᠯᠢ ᠶᠢᠨ ᠮᠣᠩᠭᠤᠯ ᠰᠣᠳᠤᠯᠤᠯ ᠤᠨ ᠲᠡᠭᠡᠳᠦ ᠰᠤᠷᠭᠠᠭᠤᠯᠢ ᠶᠢᠨ ᠠᠰᠫᠢᠷᠠᠨᠲ |
摘要 |
ᠤᠯᠤᠰ ᠤᠨ ᠲᠤᠳᠤᠭᠠᠲᠤ ᠳ᠋ᠤ《ᠵᠠᠩᠭᠠᠷ》 ᠢ ᠬᠢᠲᠠᠳ ᠬᠡᠯᠡᠨ ᠳ᠋ᠤ ᠤᠷᠴᠢᠭᠤᠯᠬᠤ ᠠᠵᠢᠯ ᠨᠢ 20ᠳ᠋ᠤᠭᠠᠷ ᠵᠠᠭᠤᠨ ᠤ ᠵᠢᠷᠠᠭᠠᠳ ᠤᠨ ᠡᠴᠡ ᠡᠬᠢᠯᠠᠨ ᠂ ᠨᠠᠶᠠᠭᠠᠳ ᠣᠨ ᠡᠴᠡ ᠡᠷᠴᠢᠮᠲᠡᠢ ᠶᠠᠪᠤᠭᠳᠠᠵᠤ᠂ ᠰᠸᠳᠤᠷᠵᠢ ᠶᠢᠨ ᠣᠷᠴᠢᠭᠤᠯᠤᠭᠰᠠᠨ《 ᠵᠠᠩᠭᠠᠷ》᠂ ᠬᠤᠷᠴᠠ ᠶᠢᠨ ᠣᠷᠴᠢᠭᠤᠯᠤᠭᠰᠠᠨ ᠵᠠᠩᠭᠠᠷ》《〔ᠵᠠᠩᠭᠠᠷ ᠤᠨ ᠬᠢᠲᠠᠳ ᠣᠷᠴᠢᠭᠤᠯᠭ᠎ᠠ ᠶᠢᠨ ᠪᠦᠷᠢᠨ ᠪᠢᠴᠢᠭ》 ᠪᠠ ᠵᠠᠮᠴᠠ ᠶᠢᠨ ᠣᠷᠴᠢᠭᠤᠯᠤᠭᠰᠠᠨ《 ᠵᠠᠩᠭᠠᠷ》 ᠵᠡᠷᠭᠡ ᠬᠢᠲᠠᠳ ᠣᠷᠴᠢᠭᠤᠯᠭ᠎ᠠ ᠶᠲᠢᠨ ᠪᠠᠷ ᠬᠡᠪᠯᠡᠯᠤᠷᠢᠳ ᠬᠤᠵᠢᠳ ᠬᠡᠪᠯᠡᠭᠳᠡᠪᠡ᠃ ᠡᠳᠡᠭᠡᠷ ᠬᠡᠪᠯᠡᠯ ᠳ᠋ᠡᠬᠢ ᠠᠷᠢᠮᠫᠢᠯ ᠤᠨ 《 ᠵᠠᠩᠭᠠᠷ》 ᠤᠨ ᠵᠠᠷᠢᠮ ᠪᠦᠯᠦᠭ ᠤᠨ ᠤᠷᠴᠢᠭᠤᠯᠭ᠎ᠠ ᠵᠢ ᠬᠠᠷᠢᠴᠠᠭᠯᠤᠤᠨ ᠰᠢᠨᠵᠢᠯᠡᠵᠦ᠂ ᠦᠵᠡᠬᠦ ᠳ᠋ᠤ᠂ ᠤᠤᠯ ᠲᠸᠺᠰᠲ ᠤᠨ ᠬᠤᠪᠢ ᠳ᠋ᠤ ᠠᠳᠠᠯᠢ ᠪᠤᠰᠤ ᠵᠠᠩᠭᠠᠷᠴᠤᠳ ᠤᠨ ᠬᠠᠢᠯᠠᠯᠭ᠎ᠠ ᠪᠤᠶᠤ ᠠᠳᠠᠯᠢ ᠪᠤᠰᠤ ᠴᠠᠭ ᠲᠡᠬᠢ ᠬᠠᠢᠯᠠᠯᠭ᠎ᠠ ᠵᠢ ᠨᠡᠢᠯᠡᠬᠦᠯᠦᠨ ᠡᠮᠬᠢᠳᠭᠡᠭᠰᠡᠨ ᠲᠸᠺᠰᠲ ᠢ ᠰᠤᠩᠭᠤᠵᠤ᠂ ᠣᠷᠴᠢᠭᠤᠯᠬᠤ ᠶᠠᠪᠤᠴᠠ ᠳ᠋ᠠᠭᠠᠨ ᠮᠦᠷ ᠪᠠᠳᠠᠭ ᠢ ᠬᠠᠰᠤᠵᠤ᠂ ᠵᠠᠷᠢᠮ ᠦᠭᠡᠰ ᠢ ᠬᠠᠷᠢᠯᠴᠠᠨ ᠵᠦᠷᠢᠶ ᠠ ᠲᠠᠢ ᠤᠷᠴᠢᠭᠤᠯᠤᠭᠰᠠᠨ ᠪᠠ ᠡᠨᠳᠡᠭᠦᠦ ᠪᠤᠷᠤᠭᠤ ᠤᠷᠴᠢᠭᠤᠯᠤᠭᠰᠠᠨ ᠨᠢ 《 ᠵᠠᠩᠭᠠᠷ》 ᠤᠨ ᠠᠭᠤᠯᠭ᠎ᠠ ᠪᠡ ᠬᠡᠯᠪᠡᠷᠢ ᠶᠢᠨ ᠪᠦᠷᠢᠨ ᠪᠦᠲᠦᠨ ᠰᠢᠨᠵᠢ ᠵᠢ ᠡᠪᠲᠡᠵᠦ᠂ ᠡᠷᠳᠡᠮ ᠰᠢᠨᠵᠢᠯᠭᠡᠨ ᠤ ᠰᠢᠨᠵᠢ ᠵᠢᠵᠤᠬᠢᠬᠤ ᠭᠡᠮᠵᠢᠶ ᠠ ᠪᠡᠷ ᠨᠦᠯᠦᠭᠡᠯᠡᠭᠰᠡᠨ ᠪᠠᠢᠨ᠎ᠠ᠃ |
原文 |
查看原文
|
出自 |
中国蒙古学
2020年
第3期
|