摘要 |
ᠴᠠᠢ ᠪᠤᠯ ᠲᠡᠦᠭᠡᠨ ᠲᠡᠭᠡᠷ ᠠ ᠮᠣᠩᠭᠤᠯᠴᠤᠳ ᠤᠨ ᠠᠮᠢᠳᠤᠷᠠᠯ᠂ ᠴᠠᠭᠠᠰᠢᠯᠠᠪᠠᠯ ᠨᠡᠢᠭᠡᠮ᠂ ᠤᠯᠤᠰ ᠲᠦᠷᠦ ᠵᠡᠷᠭᠡ ᠵᠢ ᠭᠦᠨᠵᠡᠭᠡᠢ ᠨᠦᠯᠦᠭᠡᠯᠡᠵᠦ ᠪᠠᠢᠭᠰᠠᠨ ᠪᠤᠳᠠᠰ ᠤᠨ ᠨᠢᠭᠡ ᠪᠤᠯᠤᠨ᠎ᠠ᠃ ᠮᠣᠩᠭᠤᠯᠴᠤᠳ ᠴᠠᠢ ᠵᠢ ᠨᠡᠢᠳᠡᠮ ᠤᠤᠭᠤᠵᠤ ᠪᠠᠢᠭᠰᠠᠨ ᠪᠤᠯᠪᠠᠴᠤ ᠲᠡᠷᠡ ᠪᠤᠯ ᠮᠣᠩᠭᠤᠯᠴᠤᠳ ᠤᠨ ᠠᠮᠢᠳᠤᠷᠠᠯ ᠳ᠋ᠤ ᠨᠡᠯᠢᠶᠡᠳ ᠬᠤᠵᠢᠭᠤ ᠦᠶ ᠠ ᠳ᠋ᠤ ᠤᠷᠤᠵᠤ ᠢᠷᠡᠭᠰᠡᠨ ᠲᠡᠸᠠᠷ ᠮᠦᠨ᠃ ᠲᠡᠦᠭᠡᠨ ᠲᠡᠮᠳᠡᠭᠯᠡᠯ ᠳ᠋ᠤ ᠦᠨᠳᠦᠰᠦᠯᠡᠪᠡᠯ᠂ ᠮᠣᠩᠭᠤᠯᠴᠤᠳ 17ᠳ᠋ᠤᠭᠠᠷ ᠵᠠᠭᠤᠨ ᠡᠴᠡ ᠡᠮᠦᠨ᠎ᠠ ᠴᠠᠢ ᠵᠡᠷᠭᠡ ᠵᠢ ᠶᠡᠬᠡ ᠪᠡᠷ ᠤᠤᠭᠤᠵᠤ ᠪᠠᠢᠭᠰᠠᠨ ᠦᠭᠡᠢ᠂ ᠬᠤᠵᠢᠮ ᠨᠢ ᠤᠯᠠᠨ ᠲᠠᠯ ᠠ ᠶᠢᠨ ᠨᠦᠬᠦᠴᠡᠯ ᠪᠦᠷᠢᠳᠦᠭᠰᠡᠨ ᠡᠴᠡ ᠮᠣᠩᠭᠤᠯ ᠭᠠᠵᠠᠷ ᠲᠤ ᠴᠠᠢ ᠦᠷᠭᠡᠨ ᠢᠢᠡᠷ ᠲᠠᠷᠬᠠᠭᠠᠭᠳᠠᠵᠤ᠂ ᠮᠣᠩᠭᠤᠯᠴᠤᠳ ᠤᠨ ᠠᠮᠢᠳᠤᠷᠠᠯ ᠢ ᠬᠦᠨ ᠬᠦᠨᠵᠡᠭᠡᠢ ᠨᠦᠯᠦᠭᠡᠯᠡᠭᠰᠡᠨ ᠪᠠᠢᠨ᠎ᠠ᠃ |