题名 |
ᠪᠡᠭᠡᠵᠢᠩ ᠪᠡᠷ ᠤᠨ ᠰᠢᠩᠬᠤᠨ《 ᠭᠠᠨᠵᠤᠤᠷ》 ᠬᠢᠭᠡᠳ ᠤᠢᠷᠠᠳ ᠤᠨ ᠽᠠᠶ ᠠ ᠪᠠᠨᠳᠢᠳᠠᠨᠠᠮᠬᠠᠢᠵᠠᠮᠰᠤ ᠶᠢᠨ ᠤᠷᠴᠢᠭᠤᠯᠭ᠎ᠠ-《 ᠠᠯᠳᠠᠨᠭᠡᠷᠡᠯ》 ᠤᠨ ᠵᠢᠱᠢᠶᠡᠨ ᠲᠡᠭᠡᠷ ᠠ |
作者 |
ᠴᠣᠯᠮᠤᠨᠭᠡᠷᠡᠯ |
关键词 |
ᠯᠢᠭᠲᠠᠨ ᠬᠠᠭᠠᠨ ᠤ ᠦᠶ ᠠ ᠶᠢᠨ ᠠᠯᠲᠠᠨ 《 ᠭᠠᠨᠵᠤᠤᠷ》 |
摘要 |
ᠪᠡᠭᠡᠵᠢᠩ ᠪᠡᠷ ᠤ ᠰᠢᠩᠬᠤᠨ《 ᠭᠠᠨᠵᠤᠤᠷ》 ᠬᠢᠭᠡᠳ ᠤᠢᠷᠠᠳ ᠤᠨ ᠽᠠᠶ ᠠ ᠪᠠᠨᠳᠢᠳᠠ ᠨᠠᠮᠬᠠᠢᠵᠠᠮᠰᠤ ᠶᠢᠨ ᠣᠷᠴᠢᠭᠤᠯᠭ᠎ᠠ ᠵᠢ ᠰᠢᠨᠵᠢᠯᠡᠵᠦ ᠦᠵᠡᠪᠡᠯ᠂ ᠯᠢᠭᠳᠡᠨ ᠬᠠᠭᠠᠨ ᠤ ᠦᠶ ᠠ ᠶᠢᠨ 1629ᠣᠨ ᠳ᠋ᠤ ᠪᠦᠲᠦᠭᠡᠭᠰᠡᠨ ᠠᠯᠳᠠᠨ 《 ᠭᠠᠨᠵᠤᠤᠷ《 ᠲᠤ 21ᠪᠦᠯᠦᠭᠲᠦ 《 ᠠᠯᠲᠠᠨᠭᠡᠷᠡᠯ》 ᠪᠠᠢᠬᠤ ᠦᠭᠡᠢ᠃ ᠪᠡᠭᠡᠵᠢᠩ ᠪᠠᠷ ᠤᠨ ᠰᠢᠩᠬᠤᠨ 《 ᠭᠠᠨᠵᠤᠤᠷ》 ᠲᠡᠬᠢ 21 ᠪᠦᠯᠦᠭᠲᠦ 《ᠠᠯᠲᠠᠨᠭᠡᠷᠡᠯ》 ᠢ ᠬᠠᠷᠢᠴᠠᠭᠤᠯᠪᠠᠯ᠂ ᠡᠨᠡ ᠬᠤᠶᠠᠷ《ᠠᠯᠳᠠᠨᠭᠡᠷᠡᠯ》 ᠤᠨ ᠣᠷᠴᠢᠭᠤᠯᠭ᠎ᠠ ᠶᠢᠨ ᠠᠭᠤᠯᠭ᠎ᠠ᠂ ᠬᠡᠯᠪᠡᠷᠢ ᠨᠢ ᠠᠳᠠᠯᠢᠬᠠᠨ ᠪᠠᠢᠭ᠎ᠠ ᠪᠦᠭᠡᠳ ᠭᠠᠷᠭᠠᠯᠭ᠎ᠠ ᠶᠢᠨ ᠦᠭᠡᠨ ᠳ᠋ᠤ ᠪᠢᠴᠢᠭᠳᠡᠭᠰᠡᠨ ᠬᠦᠮᠦᠨ ᠤ ᠬᠤᠯᠪᠤᠭᠳᠠᠯ ᠪᠦᠬᠦᠢ ᠲᠡᠦᠭᠡᠨ ᠮᠠᠲ᠋ᠸᠷᠢᠶᠠᠯ ᠡᠴᠡ ᠽᠠᠶ ᠠ ᠪᠠᠨᠳᠢᠳᠠ ᠨᠠᠢᠬᠠᠢᠵᠠᠮᠰᠤ ᠶᠢᠨ ᠣᠷᠴᠢᠭᠤᠯᠤᠭᠰᠠᠨ 21ᠪᠦᠯᠦᠭᠲᠦ 《 ᠠᠯᠳᠠᠨᠭᠡᠷᠡᠯ》 ᠨᠢ ᠪᠡᠭᠡᠵᠢᠩ ᠪᠠᠷ ᠤᠨ ᠰᠢᠩᠬᠤᠨ 《 ᠭᠠᠨᠵᠤᠤᠷ》 ᠲᠤ ᠬᠤᠷᠢᠶᠠᠭᠲᠠᠨ ᠤᠷᠤᠵᠤ ᠠᠰᠢᠭᠯᠠᠭᠳᠠᠭᠰᠠᠨ ᠪᠠ ᠦᠩᠭᠡᠷᠡᠭᠰᠡᠨ ᠤ ᠡᠷᠳᠡᠮᠲᠡᠳ ᠤᠨ ᠤᠢᠷᠠᠳ ᠲᠤᠳᠤ ᠦᠰᠦᠭ ᠤᠨ ᠪᠠᠷ ᠤᠨ ᠬᠡᠪᠯᠡᠯ ᠨᠢ ᠭᠠᠨᠳᠠᠨᠴᠡᠷᠢᠩ ᠬᠠᠨ ᠤ ᠦᠶ ᠠ ᠪᠤᡀᠾᠤ 18ᠳ᠋ᠤᠭᠠᠷ ᠵᠠᠭᠤᠨ ᠤ 30ᠭᠠᠳ ᠣᠨ ᠡᠴᠡ ᠡᠬᠢᠯᠠᠨᠭᠰᠡᠨ ᠭᠡᠵᠦ ᠦᠵᠡᠵᠦ ᠪᠠᠢᠭᠰᠠᠨ ᠢ ᠰᠣᠳᠤᠯᠭᠠᠨ ᠢᠢᠡᠷ ᠲᠠᠮᠵᠢᠵᠦ ᠲᠡᠭᠦᠨ ᠡᠴᠡ ᠨᠡᠩ ᠡᠷᠲᠡ 17ᠳ᠋ᠤᠭᠠᠷ ᠵᠠᠭᠤᠨ ᠤ ᠲᠤᠮᠳᠠᠴᠢ ᠰᠡᠭᠦᠯᠴᠢ ᠶᠢᠨ ᠦᠶ ᠠ ᠳ᠋ᠤ ᠬᠤᠲᠤᠮ ᠦᠰᠦᠭ ᠤᠨ ᠰᠣᠳᠤᠷ ᠨᠣᠮ ᠢ ᠪᠠᠷᠯᠠᠵᠤ ᠪᠠᠢᠭᠰᠠᠨ ᠭᠡᠳᠡᠭ ᠢ ᠮᠡᠳᠡᠵᠦ ᠪᠤᠯᠤᠨ᠎ᠠ᠃ |
原文 |
查看原文
|
出自 |
中国蒙古学
2020年
第3期
|