摘要 |
《 ᠰᠠᠷᠮᠠᠭᠴᠢᠨ ᠪᠤᠯᠤᠨ ᠮᠠᠳᠠᠷ ᠤᠨ ᠦᠯᠢᠭᠡᠷ 》 ᠪᠤᠯ ᠫᠠᠯᠢ ᠬᠡᠯᠡᠨ ᠤ 《 ᠴᠠᠳᠢᠭ》᠂ ᠬᠤᠯᠢᠮᠠᠭ ᠰᠠᠨᠰᠺᠷᠢᠲ ᠬᠡᠯᠡᠨ ᠤ 《ᠮᠠᠭᠸᠠᠰᠲ᠋ᠤ᠋ ᠠᠸᠠᠳᠠᠨᠠ》᠂ᠡᠨᠡᠳᠭᠡᠭ 《 ᠦᠯᠢᠭᠡᠷ ᠤᠨ ᠲᠠᠯᠠᠢ》 ᠪᠤᠯᠤᠨ 《 ᠫᠠᠨᠴᠠᠨᠲ᠋ᠠᠨᠳᠠᠷ ᠠ》 ᠵᠡᠷᠭᠡ ᠦᠯᠢᠭᠡᠷ ᠤᠨ ᠴᠣᠮᠤᠷᠯᠢᠭ ᠲᠡᠬᠢ ᠲᠦᠯᠦᠭᠡᠯᠡᠬᠦ ᠪᠦᠲᠦᠭᠡᠯ ᠤᠨ ᠨᠢᠭᠡᠨ ᠪᠢᠯᠡ᠃ ᠲᠤᠰ ᠦᠯᠢᠭᠡᠷ ᠬᠡᠳᠦᠢᠪᠡᠷ ᠪᠤᠷᠬᠠᠨ ᠤ ᠱᠠᠰᠢᠨ ᠤ ᠤᠯᠠᠮᠵᠢᠯᠠᠯ ᠤᠨ ᠵᠠᠮ ᠱᠤᠭᠤᠮ ᠢᠢᠡᠷ ᠮᠣᠩᠭᠤᠯ᠂ ᠲᠦᠪᠡᠳ ᠤᠷᠤᠨ ᠳ᠋ᠤ ᠨᠡᠪᠲᠡᠷᠡᠭᠰᠡᠨ ᠪᠤᠯᠪᠠᠴᠤ᠂ ᠤᠤᠯ ᠤᠨ ᠱᠠᠰᠢᠨ ᠤ ᠨᠣᠮᠯᠠᠯ ᠤᠨ ᠬᠡᠪ ᠨᠠᠮᠪᠠ ᠨᠢ ᠠᠭᠠᠵᠢᠮ ᠢᠢᠡᠷ ᠨᠢᠮᠭᠡᠷᠡᠵᠦ᠂ ᠠᠷᠠᠳᠴᠢ ᠦᠵᠡᠯ ᠨᠢ ᠲᠠᠬᠢᠨ ᠰᠡᠷᠬᠦᠵᠦ᠂ ᠲᠤᠬᠠᠢ ᠶᠢᠨ ᠤᠷᠤᠨ ᠤ ᠪᠠᠨ ᠠᠮᠢᠳᠤᠷᠠᠯ ᠲᠠᠢ ᠤᠢᠷᠠᠲᠤᠭᠰᠠᠨ᠂ ᠠᠮᠢᠳᠤᠷᠠᠯ ᠤᠨ ᠦᠨᠦᠷ ᠠᠮᠲᠠ ᠵᠢ ᠨᠢ ᠰᠢᠩᠭᠡᠭᠡᠭᠰᠡᠨ ᠪᠦᠲᠦᠭᠡᠯ ᠪᠤᠯᠵᠤ ᠬᠤᠪᠢᠷᠠᠵᠠᠢ᠃ |