题名 |
ᠬᠡᠯᠡᠨ ᠤ ᠬᠦᠮᠦᠨ ᠵᠦᠢ ᠶᠢᠨ ᠬᠠᠷᠠᠭ᠎ᠠ ᠡᠴᠡ ᠬᠤᠷᠴᠢᠨ ᠠᠮᠠᠨ ᠠᠶᠠᠯᠭᠤ ᠶᠢᠨ ᠣᠨᠴᠠᠭᠠᠢ ᠦᠭᠡᠰ ᠤᠨ ᠰᠣᠶᠣᠯ ᠤᠨ ᠤᠳᠬ ᠠ ᠵᠢ ᠰᠢᠨᠵᠢᠬᠦ ᠨᠢ |
作者 |
ᠲᠡᠮᠦᠷᠬᠤᠶᠠᠭ |
关键词 |
ᠬᠡᠯᠡᠨ ᠤ ᠬᠦᠮᠦᠨ ᠵᠦᠢ; ᠬᠤᠷᠴᠢᠨ ᠤ ᠣᠨᠴᠠᠭᠠᠢ ᠦᠭᠡᠰ ᠤᠨ ᠡᠭᠦᠰᠦᠯ; ᠰᠣᠶᠣᠯ ᠵᠠᠩᠰᠢᠯ ᠤᠨ ᠨᠦᠯᠦᠭᠡᠯᠡᠯ |
摘要 |
ᠦᠭᠦᠯᠡᠯ ᠳ᠋ᠤ ᠬᠡᠯᠡᠨ ᠤ ᠬᠦᠮᠦᠨ ᠵᠦᠢ ᠶᠢᠨ ᠬᠠᠷᠠᠭ᠎ᠠ ᠡᠴᠡ ᠬᠤᠷᠴᠢᠨ ᠠᠮᠠᠨ ᠠᠶᠠᠯᠭᠤ ᠶᠢᠨ ᠣᠨᠴᠠᠭᠠᠢ ᠦᠭᠡᠰ ᠤᠨ ᠭᠤᠤᠯ ᠡᠭᠦᠰᠦᠯ ᠪᠠ ᠤᠳᠬ ᠠ ᠵᠢ ᠰᠢᠨᠵᠢᠯᠡᠵᠦ᠂ ᠬᠤᠷᠴᠢᠨ ᠠᠮᠠᠨ ᠠᠶᠠᠯᠭᠤ ᠶᠢᠨ ᠤᠨᠴᠭᠠᠢ ᠦᠭᠡᠰ ᠤᠨ ᠪᠦᠷᠢᠯᠳᠦᠭᠡᠨ ᠪᠠ ᠢᠷᠡᠯ ᠭᠠᠷᠤᠯ ᠢ ᠤᠵᠠᠭᠤᠷ ᠡᠷᠲᠡᠨ ᠤ ᠠᠮᠢᠳᠤᠷᠠᠯ᠂ ᠠᠷᠠᠳ ᠤᠨ ᠦᠯᠢᠭᠡᠷ ᠲᠤᠮᠤᠭ᠂ ᠱᠠᠰᠢᠨ ᠰᠢᠲᠦᠯᠭᠡ᠂ ᠰᠣᠶᠣᠯ ᠤᠨ ᠰᠣᠯᠢᠯᠴᠠᠭ᠎ᠠ ᠵᠡᠷᠭᠡ ᠬᠡᠳᠦᠨ ᠲᠠᠯ ᠠ ᠡᠴᠡ ᠲᠦᠷᠦᠯ ᠬᠤᠪᠢᠶᠠᠨ ᠠᠵᠢᠭᠯᠠᠭᠰᠠᠨ ᠪᠠ ᠬᠤᠷᠴᠢᠨ ᠠᠮᠠᠨᠠᠶᠠᠯᠭᠤ ᠶᠢᠨ ᠣᠨᠴᠠᠭᠠᠢ ᠦᠭᠡᠰ ᠢ ᠬᠤᠷᠴᠨ ᠤ ᠨᠡᠢᠭᠡᠮ ᠲᠡᠦᠭᠡ ᠶᠢᠨ ᠬᠤᠪᠢᠰᠤᠯ ᠤᠨ ᠲᠠᠠᠭᠤ ᠪᠤᠢ ᠪᠤᠯᠤᠭᠰᠠᠨ ᠲᠡᠳᠦᠢ ᠦᠭᠡᠢ ᠲᠡᠷᠡ ᠨᠢ ᠬᠤᠷᠴᠢᠨ ᠤ ᠤᠷᠲᠤ ᠬᠤᠭᠤᠴᠠᠭᠠᠨ ᠤ ᠰᠣᠶᠣᠯ ᠤᠨ ᠰᠣᠯᠢᠯᠴᠠᠭ᠎ᠠ᠂ ᠠᠮᠢᠳᠤᠷᠠᠯ ᠤᠨ ᠠᠷᠭ᠎ᠠ ᠬᠡᠯᠪᠡᠷᠢ᠂ ᠰᠣᠶᠣᠯ ᠤᠨ ᠲᠤᠬᠢᠷᠠᠯᠴᠠᠯ ᠤᠨ ᠱᠠᠭᠠᠷᠳᠠᠯᠭ᠎ᠠ ᠪᠡᠷ ᠡᠭᠦᠰᠦᠭᠰᠡᠨ ᠨᠢᠭᠡ ᠵᠦᠢᠯ ᠤᠨ ᠨᠡᠢᠭᠡᠮ ᠰᠣᠶᠣᠯ ᠤᠨ ᠦᠵᠡᠭᠳᠡᠯ ᠪᠤᠯᠤᠨ᠎ᠠ ᠭᠡᠵᠦ ᠦᠵᠡᠪᠡ᠃ ᠬᠤᠷᠴᠢᠨ ᠠᠮᠠᠨ ᠠᠶᠠᠯᠭᠤ ᠵᠢ ᠰᠣᠳᠤᠯᠬᠤ ᠳ᠋ᠠᠭᠠᠨ ᠵᠦᠪᠬᠡᠨ ᠬᠡᠯᠡ ᠰᠢᠨᠵᠢᠯᠡᠯ ᠤᠨ ᠠᠷᠭ᠎ᠠ ᠳ᠋ᠤ ᠲᠦᠰᠢᠭᠯᠡᠭᠡᠳ ᠪᠤᠯᠬᠤ ᠪᠢᠰᠢ᠂ ᠨᠡᠩ ᠴᠢᠬᠤᠯᠠ ᠨᠢ ᠬᠡᠯᠡᠨ ᠤ ᠬᠦᠮᠦᠨ ᠵᠦᠢ᠂ ᠤᠭᠰᠠᠭᠠᠲᠠᠨ ᠵᠦᠢ᠂ ᠲᠡᠦᠭᠡ ᠶᠢᠨ ᠤᠬᠠᠭᠠᠨ ᠵᠡᠷᠭᠹᠡ ᠤᠯᠠᠨ ᠰᠢᠨᠵᠢᠯᠭᠡᠨ ᠤ ᠬᠠᠷᠠᠭ᠎ᠠ ᠡᠴᠡ ᠶᠡᠷᠦᠩᠬᠡᠢᠢᠯᠡᠨ ᠰᠣᠳᠤᠯᠪᠠᠯ ᠰᠠᠶᠢ ᠬᠠᠩᠭᠠᠮᠵᠢᠲᠠᠢ ᠦᠷ ᠠ ᠳ᠋ᠦᠩ ᠳ᠋ᠤ ᠬᠦᠷᠴᠦ ᠴᠢᠳᠠᠨ᠎ᠠ ᠭᠡᠬᠦ ᠦᠡᠵᠯᠲᠡ ᠵᠢ ᠲᠡᠪᠰᠢᠬᠦᠯᠪᠡ᠃ |
原文 |
查看原文
|
出自 |
内蒙古社会科学(蒙文版)
2020年
第2期
|