题名 |
ᠭᠠᠩ ᠬᠠᠭᠤᠷᠠᠢ ᠪᠤᠶᠤ ᠬᠠᠭᠠᠰ ᠭᠠᠩ ᠬᠠᠭᠤᠷᠠᠢ ᠪᠦᠰᠡ ᠨᠤᠲᠤᠭ ᠲᠡᠬᠢ ᠬᠦᠳᠡᠭᠡ ᠤᠷᠤᠨ ᠤ ᠬᠦᠭᠵᠢᠯ ᠤᠨ ᠵᠠᠭᠪᠤᠷᠢ ᠵᠢᠴᠢ ᠰᠣᠳᠤᠯᠭᠠᠨ ᠤ ᠪᠠᠢᠳᠠᠯ |
作者 |
ᠲᠠᠩᠭᠤᠲᠠᠢ ᠮᠠ᠂ᠪᠦᠷᠢᠨᠵᠢᠷᠭᠠᠯ; ᠼᠦᠢ ᡁᠢ ᠵᠦᠩ |
关键词 |
ᠭᠠᠩ ᠬᠠᠭᠤᠷᠠᠢ ᠪᠤᠶᠤ ᠬᠠᠭᠠᠰ ᠭᠠᠩ ᠬᠠᠭᠤᠷᠠᠢ ᠪᠦᠰᠡᠨᠨᠤᠲᠤᠭ; ᠪᠡᠯᠴᠢᠭᠡᠷ ᠤᠨ ᠮᠠᠯ ᠵᠠᠤ ᠠᠬᠤᠢ; ᠬᠦᠳᠡᠭᠡ ᠤᠷᠤᠨ ᠤ ᠬᠦᠭᠵᠢᠯ ᠤᠨ ᠵᠠᠭᠪᠤᠷ; ᠰᠣᠳᠤᠯᠭᠠᠨ ᠤ ᠪᠠᠢᠳᠠᠯ |
摘要 |
ᠲᠡᠯᠭᠡᠬᠢ ᠶᠢᠨ ᠬᠡᠪᠴᠢᠶᠠᠨ ᠳ᠋ᠡᠬᠢ ᠪᠡᠯᠴᠢᠭᠡᠷ ᠤᠨ ᠮᠠᠯ ᠯᠠᠮᠵᠢᠵᠤ ᠪᠠᠢᠭ᠎ᠠ ᠵᠤᠬᠢᠯᠠᠬᠤ ᠪᠦᠰᠡ ᠨᠤᠲᠤᠭ ᠤᠳ ᠪᠤᠯ ᠶᠡᠷᠦᠩᠭᠡᠢ ᠳ᠋ᠡᠭᠡᠨ ᠭᠠᠩ ᠬᠠᠭᠤᠷᠠᠢ ᠪᠤᠶᠤ ᠬᠠᠭᠠᠰ ᠭᠠᠩ ᠬᠠᠭᠤᠷᠠᠢ ᠲᠠᠴᠢᠷ ᠭᠠᠵᠠᠷ ᠪᠤᠯᠤᠨ᠎ᠠ᠃ ᠤᠳᠤᠬᠠᠨ ᠳ᠋ᠤ ᠨᠡᠢᠲᠡ ᠪᠠᠷᠤᠭ 10 ᠳ᠋ᠦᠩᠰᠢᠭᠤᠷ ᠬᠦᠮᠦᠨ ᠠᠮᠠ ᠮᠠᠯ ᠵᠠᠤ ᠠᠬᠤᠢ ᠵᠢ ᠲᠦᠰᠢᠭᠯᠡᠨ ᠠᠵᠤ ᠲᠦᠷᠦᠨ ᠠᠮᠢᠳᠤᠷᠠᠵᠤ ᠪᠠᠢᠬᠤ ᠪᠦᠭᠡᠳ 20 ᠭᠠᠷᠤᠢ ᠳ᠋ᠦᠩᠰᠢᠭᠤᠷ ᠬᠦᠮᠦᠨ ᠠᠮᠠ ᠮᠠᠯ ᠠᠵᠤ ᠠᠬᠤᠢ ᠶᠢᠨ ᠦᠢᠯᠡᠳᠪᠦᠷᠢᠯᠡᠯ ᠲᠤᠮᠲᠠ ᠡᠴᠡ ᠮᠢᠬ᠎ᠠ᠂ ᠰᠦ᠋ ᠵᠡᠷᠭᠡ ᠢᠲᠡᠭᠡᠨ ᠤᠮᠳᠠᠭᠠᠨ ᠤ ᠲᠦᠷᠦᠯ ᠢ ᠨᠡᠢᠯᠡᠭᠦᠯᠦᠨ ᠠᠪᠴᠤ ᠪᠤᠢ᠃ ᠬᠦᠮᠦᠰ ᠵᠦᠪᠬᠡᠨ ᠮᠠᠯ ᠠᠵᠤ ᠠᠬᠤᠢ ᠡᠷᠬᠢᠯᠡᠵᠦ ᠢᠷᠡᠭᠰᠡᠨ ᠢᠢᠡᠷ ᠦᠷᠭᠡᠨ ᠠᠭᠤᠳᠠᠮ ᠭᠠᠩ ᠬᠠᠭᠤᠷᠠᠢ ᠪᠤᠶᠤ ᠬᠠᠭᠠᠰ ᠬᠠᠭᠤᠷᠠᠢ ᠨᠤᠲᠤᠭ ᠲᠤ ᠤᠷᠭᠤᠮᠠᠯ ᠤᠨ ᠤᠯᠠᠨ ᠶᠠᠩᠵᠤᠲᠤ ᠰᠢᠨᠵᠢ ᠬᠠᠳᠠᠭᠠᠯᠠᠭᠳᠠᠵᠤ ᠴᠢᠳᠠᠵᠠᠢ᠃ ᠦᠭᠦᠯᠡᠯ ᠳ᠋ᠤ ᠲᠠᠴᠢᠷ ᠭᠠᠵᠠᠷ ᠡᠴᠡ ᠨᠡᠩ ᠦᠨᠳᠦᠷ ᠠᠰᠢᠭ ᠬᠤᠯᠵᠢᠪᠤᠷᠢ ᠤᠯᠬᠤ ᠪᠤᠯᠤᠯᠴᠠᠭ᠎ᠠ ᠵᠢ ᠬᠠᠢᠵᠤ᠂ ᠤᠯᠠᠨ ᠤᠤᠯᠰ ᠡᠴᠡ ᠤᠷᠤᠨ ᠨᠤᠭᠤᠳ ᠠᠳᠠᠯᠢ ᠪᠤᠰᠤ ᠬᠦᠳᠡᠭᠡ ᠤᠷᠤᠨ ᠤ ᠬᠦᠭᠵᠢᠯ ᠤᠨ ᠵᠠᠭᠪᠤᠷ ᠬᠡᠷᠡᠭᠵᠢᠬᠦᠯᠵᠦ ᠰᠣᠳᠤᠯᠤᠭᠰᠠᠨ ᠲᠠᠯ ᠠ ᠪᠡᠷ ᠬᠢ ᠲᠤᠷᠰᠢᠯᠭ᠎ᠠ ᠪᠠ ᠰᠤᠷᠭᠠᠮᠵᠢ ᠵᠢ ᠵᠠᠳᠠᠯᠤᠨ ᠦᠭᠦᠯᠡᠪᠡ᠃ |
原文 |
查看原文
|
出自 |
内蒙古社会科学(蒙文版)
2020年
第2期
|