摘要 |
ᠮᠣᠩᠭᠤᠯᠴᠤᠳ ᠬᠡᠵᠢᠶ ᠡ ᠡᠴᠡ ᠵᠤᠭᠤᠰ ᠢ ᠲᠠᠸᠠᠷ ᠤᠨ ᠰᠣᠯᠢᠯᠴᠠᠭᠠᠨ ᠳ᠋ᠤ ᠬᠡᠷᠡᠭᠯᠡᠭᠰᠡᠨ ᠪᠠ ᠦᠪᠡᠷᠲᠡᠭᠡᠨ ᠵᠤᠭᠤᠰ ᠦᠢᠯᠡᠳᠴᠦ ᠪᠠᠢᠭᠰᠠᠨ ᠡᠰᠡᠬᠦ ᠲᠤᠬᠠᠢ ᠶᠠᠮᠠᠷ ᠪᠠᠷᠢᠮᠲᠠ ᠠᠯᠠᠭ᠎ᠠ᠃ ᠡᠷᠳᠡᠮᠲᠡᠳ ᠵᠤᠭᠤᠰ ᠤᠨ ᠲᠤᠬᠠᠢ ᠰᠣᠳᠤᠯᠭᠠᠨ ᠢ ᠦᠨᠰᠦᠰᠦᠡᠯᠡᠪᠡᠯ᠂ ᠡᠮᠦᠨᠡᠬᠢ ᠲᠦᠷᠦ ᠶᠢᠨ ᠵᠤᠭᠤᠰ ᠢ ᠬᠤᠢᠨᠠᠬᠢ ᠲᠦᠷᠦ ᠨᠢ ᠤᠯᠠᠮᠵᠢᠯᠠᠨ ᠬᠡᠷᠡᠭᠯᠡᠬᠦ ᠨᠢ ᠤᠯᠠᠨ ᠪᠠᠢᠭᠰᠠᠨ ᠶᠣᠮ᠃ ᠡᠭᠦᠨ ᠢᠢᠡᠷ ᠪᠠᠷᠠᠬᠤ ᠦᠭᠡᠢ ᠪᠠᠰᠠ ᠡᠷᠬᠢᠨ ᠬᠠᠪᠢ ᠶᠢᠨ ᠢᠢᠡᠨ ᠤᠯᠤᠰ ᠦᠨᠳᠦᠰᠦᠲᠡᠨ ᠤ ᠨᠦᠯᠦᠭᠡ ᠵᠢ ᠬᠦᠷᠲᠡᠳᠡᠭ ᠨᠢ ᠴᠦ ᠪᠠᠢᠩᠭᠤ ᠶᠢᠨ ᠦᠵᠡᠭᠳᠡᠯ ᠪᠠᠢᠵᠠᠢ᠃ ᠵᠤᠭᠤᠰ ᠤᠨ ᠬᠡᠯᠪᠡᠷᠢ ᠲᠦᠷᠰᠦ ᠪᠠ ᠤᠨᠴᠠᠯᠢᠭ ᠡᠴᠡ ᠤ ᠦᠨᠳᠦᠰᠦᠲᠡᠨ ᠤ ᠵᠠᠷᠮ ᠰᠣᠶᠣᠯ ᠤᠨ ᠵᠤᠷᠢᠭ ᠰᠠᠨᠠᠭ᠎ᠠ ᠵᠢ ᠤᠯᠵᠤ ᠬᠠᠷᠠᠬᠤ ᠪᠡᠷ ᠪᠠᠷᠠᠬᠤ ᠦᠭᠡᠢ᠂ ᠲᠡᠬᠦᠨ ᠤ ᠰᠣᠶᠣᠯ ᠤᠨ ᠰᠣᠨᠢᠯᠴᠠᠭᠠᠨ ᠡᠴᠡ ᠬᠦᠷᠲᠡᠭᠰᠡᠨ ᠬᠠᠷᠢ ᠰᠣᠶᠣᠯ ᠤᠨ ᠤᠯᠪᠠᠭ᠎ᠠ ᠵᠢ ᠴᠦ ᠵᠠᠷᠢᠮ ᠬᠡᠮᠵᠢᠶᠠᠨ ᠳ᠋ᠤ ᠮᠡᠳᠡᠵᠤ ᠪᠤᠯᠳᠠᠭ᠃ ᠵᠤᠭᠤᠰ ᠤᠨ ᠲᠡᠦᠭᠡ ᠵᠢ ᠬᠡᠯᠡᠨ ᠤ ᠮᠠᠲ᠋ᠸᠷᠢᠶᠠᠯ ᠢᠢᠡᠷ ᠪᠠᠷᠢᠮᠲᠠ ᠪᠤᠯᠭᠠᠨ ᠰᠢᠨᠵᠢᠯᠡᠬᠦ ᠪᠤᠯᠤᠮᠵᠢ ᠨᠢᠭᠡ ᠬᠡᠮᠵᠢᠶᠠᠨ ᠳ᠋ᠤ ᠪᠠᠢᠳᠠᠭ᠃ ᠲᠡᠭᠡᠬᠦ ᠳ᠋ᠤ ᠪᠠᠨ ᠬᠠᠭᠤᠴᠢ ᠰᠣᠳᠤᠯᠤᠯ᠂ᠲᠡᠦᠭᠡ ᠰᠣᠶᠣᠯ ᠤᠨ ᠰᠣᠯᠢᠯᠴᠭᠠᠨ ᠪᠠ ᠬᠡᠯᠡᠨ ᠤ ᠰᠣᠳᠤᠯᠭᠠᠨ ᠢ ᠨᠢᠭᠲᠠ ᠤᠶᠤᠯᠳᠤᠭᠤᠯᠬᠤ ᠬᠡᠷᠡᠭᠲᠡᠢ ᠶᠣᠮ᠃ ᠡᠨᠳᠡ ᠵᠦᠪᠬᠡᠨ ᠲᠤᠬᠠᠢ ᠶᠢᠨ ᠲᠡᠦᠭᠡ ᠰᠣᠶᠣᠯ ᠤᠨ ᠤᠷᠴᠢᠨ ᠳ᠋ᠤ ᠬᠡᠯᠡᠨ ᠤ ᠡᠭᠦᠳᠡᠨ ᠡᠴᠡ ᠮᠣᠩᠭᠤᠯ ᠬᠡᠯᠡᠨ ᠤ ᠵᠤᠭᠤᠰ ᠲᠤ ᠬᠤᠯᠪᠤᠭᠳᠠᠬᠤ ᠵᠠᠷᠢᠮ ᠦᠭᠡᠰ ᠤᠨ ᠭᠠᠷᠤᠯ ᠢᠷᠡᠯ ᠵᠢᠴᠢ ᠲᠡᠳᠡᠭᠡᠷ ᠤᠨ ᠰᠣᠶᠣᠯ ᠤᠨ ᠤᠳᠬ ᠠ ᠵᠢ ᠲᠤᠳᠤᠷᠠᠭᠤᠯᠬᠤ ᠵᠢ ᠵᠤᠷᠢᠪᠠ᠃ |