题名 |
《ᠤᠯᠠᠭᠠᠨ ᠡᠭᠦᠯᠡᠨ ᠤ ᠨᠢᠪᠤᠰᠤᠨ》 ᠳ᠋ᠤ ᠬᠢ ᠲᠡᠮᠳᠡᠭ ᠨᠡᠷ ᠠ ᠶᠢᠨ ᠰᠤᠷᠠᠭ ᠵᠠᠩᠬᠢ ᠶᠢᠨ ᠳ᠋ᠡᠢᠲ᠋ᠠ 《 ᠬᠦᠮᠦᠷᠭᠡ》 ᠶᠢᠨ ᠴᠣᠭᠴᠠᠯᠠᠯᠲᠠ |
作者 |
ᠲᠤᠯᠠᠭᠠᠨ; ᠲᠠᠪᠬᠤᠷᠪᠠᠶᠠᠷ |
关键词 |
《 ᠤᠯᠠᠭᠠᠨ ᠡᠭᠦᠯᠡᠨ ᠤ ᠨᠢᠯᠪᠤᠰᠤᠨ》;ᠲᠡᠮᠳᠡᠭ ᠨᠡᠷ ᠠ; ᠳ᠋ᠡᠢᠲ᠋ᠠ ᠬᠦᠮᠦᠷᠭᠡ; ᠪᠦᠷᠢᠳᠭᠡᠨ ᠰᠣᠳᠤᠯᠬᠤ; ᠭᠡᠷᠡᠭᠴᠡᠭᠡ |
摘要 |
《 ᠤᠯᠠᠭᠠᠨ ᠡᠭᠦᠯᠡᠨ ᠤ ᠨᠢᠯᠪᠤᠰᠤᠨ》 ᠪᠤᠯ ᠮᠣᠩᠭᠤᠯ ᠦᠨᠳᠦᠰᠦᠲᠡᠨ ᠤ ᠠᠯᠳᠠᠷᠲᠤ ᠵᠤᠬᠢᠶᠠᠯᠴᠢ ᠢᠨᠵᠠᠨᠨᠠᠰᠢ ᠶᠢᠨ ᠰᠤᠩᠭᠤᠳᠠᠭ ᠤᠷᠠᠨ ᠪᠦᠲᠦᠭᠡᠯ ᠮᠦᠨ᠃ ᠲᠡᠷᠡ ᠨᠢ ᠮᠣᠩᠭᠤᠯ ᠦᠨᠳᠦᠰᠦᠲᠡᠨ ᠤ ᠪᠢᠴᠢᠭ ᠤᠨ ᠬᠡᠯᠡᠨ ᠤ ᠬᠦᠭᠵᠢᠯᠲᠡ ᠶᠢᠨ ᠲᠡᠦᠭᠡᠨ ᠳ᠋ᠤ ᠴᠢᠬᠤᠯ ᠠᠪᠢᠠᠷᠢ ᠰᠠᠭᠤᠷᠢ ᠵᠢ ᠡᠵᠡᠯᠡᠳᠡᠭ᠃ ᠦᠭᠦᠯᠡᠯ ᠳ᠋ᠤ᠂ 《 ᠤᠯᠠᠭᠠᠨ ᠡᠭᠦᠯᠡᠨ ᠤ ᠨᠢᠯᠪᠤᠰᠤᠨ》 ᠤ ᠬᠡᠯᠡᠨ ᠤ ᠮᠠᠲ᠋ᠸᠷᠢᠶᠠᠯ ᠢ ᠬᠠᠷᠭᠤᠭᠤᠯᠬᠤ᠂ ᠬᠡᠪᠰᠢᠮᠡᠯ ᠬᠡᠯᠬᠢᠴᠡ ᠶᠢᠨ ᠲᠡᠮᠳᠡᠭ ᠬᠠᠳᠠᠬᠤ᠂ ᠦᠭᠡ ᠵᠦᠢ ᠶᠢᠨ ᠲᠡᠮᠳᠡᠭ ᠬᠠᠳᠠᠬᠤ ᠵᠡᠷᠭᠡ ᠬᠡᠯᠡᠨ ᠤ ᠮᠠᠲ᠋ᠸᠷᠢᠶᠠᠯ ᠤᠨ ᠪᠤᠯᠪᠠᠰᠤᠷᠠᠭᠤᠯᠤᠯᠲᠠ ᠶᠢᠨ ᠠᠵᠢᠯ ᠢ ᠪᠡᠶᠡᠯᠡᠬᠦᠯᠵᠦ᠂ ᠲᠤᠯᠤᠭᠠᠢ ᠦᠭᠡ᠂ ᠲᠠᠭᠤᠳᠠᠯᠭ᠎ᠠ᠂ ᠦᠭᠡᠰ ᠤᠨ ᠠᠢᠮᠠᠭ᠂ ᠦᠶ ᠠ᠂ ᠤᠳᠬ ᠠ ᠶᠢᠨ ᠲᠠᠢᠯᠪᠤᠷᠢ᠂ ᠲᠠᠪᠲᠠᠮᠵᠢ᠂ ᠲᠠᠪᠲᠠᠮᠵᠢ ᠶᠢᠨ ᠲᠡᠰ᠂ ᠬᠤᠪᠢᠯᠤᠯ ᠤᠨ ᠬᠡᠯᠪᠡᠷᠢ᠂ ᠵᠢᠱᠢᠶ ᠠ ᠦᠭᠦᠯᠡᠪᠦᠷᠢ ᠵᠡᠷᠭᠡ ᠣᠨᠴᠠᠯᠢᠭ ᠤᠨ ᠲᠠᠰᠤᠯᠪᠤᠷᠢ ᠵᠢ ᠲᠤᠭᠲᠠᠭᠠᠨ᠂ 612 ᠲᠡᠮᠳᠡᠭ ᠨᠡᠷ ᠠ ᠶᠢᠨ ᠬᠡᠷᠡᠭᠯᠡᠭᠳᠡᠭᠰᠡᠨ ᠪᠠᠢᠳᠠᠯ ᠢ ᠦᠭᠡᠰ ᠤᠨ ᠠᠢᠮᠠᠭ᠂ ᠦᠶ ᠠ᠂ ᠲᠠᠪᠳᠠᠮᠵᠢ᠂ ᠲᠠᠪᠲᠠᠮᠵᠢ ᠶᠢᠨ ᠲᠡᠰ ᠵᠡᠷᠭᠡ ᠲᠦᠷᠪᠡᠨ ᠲᠠᠯ ᠠ ᠡᠴᠡ ᠪᠦᠷᠢᠳᠭᠡᠵᠦ᠂ ᠳ᠋ᠡᠢᠲ᠋ᠠ ᠬᠦᠮᠦᠷᠭᠡ ᠶᠢᠨ ᠡᠯᠸᠺᠲ᠋ᠷᠤᠨ ᠲᠤᠯᠢ ᠶᠢᠨ ᠨᠠᠢᠷᠠᠭᠤᠯᠭ ᠠ᠂ ᠵᠤᠬᠢᠶᠠᠯ ᠤᠨ ᠬᠡᠯᠡ ᠬᠡᠯᠡᠯᠭᠡ ᠶᠢᠨ ᠰᠣᠳᠤᠯᠤᠯ᠂ ᠲᠡᠮᠳᠡᠭ ᠨᠡᠷ ᠠ ᠶᠢᠨ ᠵᠢᠭᠠᠨ ᠰᠤᠷᠭᠠᠯᠲᠠ ᠳ᠋ᠦ ᠬᠢ ᠬᠡᠷᠡᠭᠴᠡᠭᠡ ᠵᠢ ᠦᠭᠦᠯᠡᠭᠰᠡᠨ ᠶᠣᠮ᠃ |
原文 |
查看原文
|
出自 |
内蒙古大学学报
2020年
第1期
|