题名 |
ᠮᠣᠩᠭᠤᠯ ᠬᠡᠯᠡᠨ ᠤ ᠰᠢᠨ᠎ᠠ ᠦᠭᠡ ᠨᠡᠷ ᠠ ᠲᠤᠮᠢᠶ ᠠ ᠵᠢ ᠪᠦᠲᠦᠭᠡᠭᠳᠡᠭᠰᠡᠨ ᠠᠷᠭ᠎ᠠ ᠶᠢᠨ ᠲᠠᠯ ᠠ ᠡᠴᠡ ᠵᠠᠳᠠᠯᠬᠤ ᠨᠢ |
作者 |
ᠠᠯᠲᠠᠨᠰᠤᠪᠤᠳ |
关键词 |
ᠰᠢᠨ᠎ᠠ ᠦᠭᠡ ᠨᠡᠷ ᠠ ᠲᠤᠮᠢᠶ ᠠ; ᠨᠡᠷ ᠠ ᠲᠤᠮᠢᠶ ᠠ ᠵᠢ ᠨᠤᠨᠤᠭᠠᠬᠤ ᠠᠷᠭ᠎ᠠ; ᠠᠮᠢ ᠠᠬᠤᠢ ᠶᠢᠨ ᠬᠡᠯᠡ ᠰᠢᠨᠵᠢᠯᠡᠯ |
摘要 |
ᠮᠣᠩᠭᠤᠯ ᠬᠡᠯᠡᠨ ᠳ᠋ᠤ ᠰᠢᠨ᠎ᠠ ᠦᠭᠡ ᠨᠡᠷ ᠠ ᠲᠤᠮᠢᠶ ᠠ ᠵᠢ ᠪᠤᠯᠪᠠᠰᠤᠷᠠᠭᠤᠯᠬᠤ ᠤᠯᠠᠨ ᠵᠦᠢᠯ ᠤᠨ ᠠᠷᠭ᠎ᠠ ᠪᠠᠢᠳᠠᠭ ᠪᠤᠯᠪᠠᠴᠤ ᠲᠡᠳᠡᠭᠡᠷ ᠠᠷᠭ᠎ᠠ ᠶᠢᠨ ᠲᠤᠳᠤᠷ ᠠ ᠡᠴᠡ ᠦᠭᠡ ᠵᠦᠢ ᠶᠢᠨ ᠠᠷᠭ᠎ᠠ ᠨᠢ ᠭᠤᠤᠯ ᠴᠦᠮ ᠠ ᠪᠤᠯᠬᠤ ᠶᠣᠰᠤᠲᠠᠢ ᠶᠣᠮ᠃ᠦᠨᠦ ᠴᠠᠭ ᠲᠤ ᠦᠭᠦᠯᠡᠪᠦᠷᠢ ᠵᠦᠢ ᠶᠢᠨ ᠠᠷᠭ᠎ᠠ ᠨᠢ ᠲᠠᠳᠠᠪᠠᠮᠠᠭᠠᠢᠯᠠᠵᠤ ᠪᠠᠢᠭ᠎ᠠ ᠪᠠᠢᠳᠠᠯ ᠪᠤᠢ᠃ ᠡᠨᠡ ᠨᠢ ᠬᠠᠷᠢ ᠬᠡᠯᠡᠨ ᠤ ᠨᠦᠯᠦᠭᠡ ᠡᠴᠡ ᠪᠤᠯᠤᠭᠰᠠᠨ ᠡᠭᠡ ᠬᠡᠯᠡᠨ ᠤ ᠠᠮᠢ ᠠᠬᠤᠢ ᠶᠢᠨ ᠮᠠᠭᠤᠵᠢᠷᠠᠯ ᠲᠠᠢ ᠬᠤᠯᠪᠤᠭᠳᠠᠵᠤ ᠪᠠᠢᠭ᠎ᠠ ᠤᠴᠢᠷ ᠡᠴᠡ ᠵᠤᠬᠢᠬᠤ ᠬᠡᠮᠵᠢᠶᠠᠨ ᠳ᠋ᠤ ᠬᠢᠵᠠᠭᠠᠷᠯᠠᠬᠤ ᠭᠡᠷᠡᠭᠲᠡᠢ ᠭᠡᠰᠡᠨ ᠰᠠᠨᠠᠯ ᠲᠡᠪᠰᠢᠬᠦᠯᠵᠦ ᠪᠠᠢᠨ᠎ᠠ᠃ ᠮᠣᠩᠭᠤᠯ ᠬᠡᠯᠡᠨ ᠤ ᠦᠭᠡ ᠪᠦᠲᠦᠭᠡᠬᠦ ᠳᠠᠭᠠᠪᠤᠷᠢ ᠶᠢᠨ ᠦᠢᠯᠡᠳᠦᠯ ᠬᠡᠷᠡᠭᠴᠡᠭᠡ ᠵᠢ ᠪᠦᠷᠢᠨ ᠪᠠᠳᠠᠷᠠᠭᠤᠯᠵᠤ᠂ ᠲᠤᠪᠴᠢ ᠲᠤᠳᠤᠷᠬᠠᠢ ᠰᠢᠨᠵᠢ ᠪᠡᠷ ᠣᠨᠴᠠᠯᠢᠭᠳᠠᠬᠤ ᠨᠡᠷ ᠠ ᠲᠤᠮᠢᠶ ᠠ ᠵᠤᠬᠢᠶᠠᠬᠤ ᠰᠠᠯᠪᠤᠷᠢ ᠳ᠋ᠤ ᠦᠭᠡ ᠵᠦᠢ ᠶᠢᠨ ᠠᠷᠭ᠎ᠠ ᠶᠢᠨᠳᠠᠪᠠᠭᠤᠯᠢᠭ ᠲᠠᠯ ᠠ ᠵᠢ ᠬᠦᠢᠴᠡᠳ ᠠᠰᠢᠭᠯᠠᠬᠤ ᠨᠢ ᠨᠡᠷ ᠠ ᠲᠤᠮᠢᠶᠠᠨ ᠤ ᠲᠤᠰ ᠪᠡᠶ ᠠ ᠶᠢᠨ ᠣᠨᠴᠠᠯᠢᠭ ᠰᠢᠨᠵᠢ ᠲᠠᠢ ᠢᠯᠡᠬᠦᠦ ᠲᠤᠬᠢᠷᠠᠬᠤ ᠪᠤᠯᠤᠨ᠎ᠠ᠃ |
原文 |
查看原文
|
出自 |
内蒙古大学学报
2020年
第1期
|