摘要 |
ᠢᠨᠵᠡᠨᠨᠠᠰᠢ ᠶᠢᠨ ᠤᠳᠬ ᠠ ᠵᠤᠬᠢᠶᠠᠯ ᠢ ᠵᠤᠬᠢᠬᠤ ᠳᠡᠦᠬᠡᠨ ᠴᠠᠭ ᠦᠶ ᠠ ᠳᠡᠬᠢ ᠦᠨᠳᠦᠰᠦᠳᠡᠨ ᠦ ᠠᠮᠢᠳᠤᠷᠠᠯ ᠤᠨ ᠳᠤᠰᠬᠠᠯ ᠬᠡᠮᠡᠨ ᠦᠵᠡᠵᠦ ᠪᠠᠢ᠌ᠵᠠᠢ᠃ ᠡᠨᠡ ᠨᠢ ᠳᠡᠭᠦᠨ ᠦ ᠤᠳᠬ᠎ᠠ ᠵᠤᠬᠢᠶᠠᠯ ᠤᠨ ᠦᠨᠡᠨ ᠪᠤᠳᠠᠳᠤ ᠰᠢᠨᠵᠢ᠂ ᠬᠡᠯᠪᠡᠷᠢᠳᠦ ᠰᠢᠨᠵᠢ᠂ ᠨᠡᠢ᠌ᠭᠡᠮ ᠤᠨ ᠦᠢᠯᠡᠳᠦᠯ ᠢ ᠮᠠᠰᠢ ᠴᠢᠬᠤᠯᠠᠴᠢᠯᠠᠳᠠᠭ ᠲᠠᠢ ᠠᠮᠢᠰᠬᠤᠯ ᠰᠤᠳᠠᠰᠤ ᠨᠡᠪᠳᠡᠷᠡᠳᠡᠭ᠃ ᠳᠤᠰ ᠦᠭᠦᠯᠡᠯ ᠳᠤ᠂ ᠢᠨᠵᠡᠨᠨᠠᠰᠢ ᠶᠢᠨ ᠤᠷᠤᠨ ᠵᠠᠢ᠂ ᠴᠠᠭ ᠬᠤᠭᠤᠴᠠᠭᠠᠨ ᠦ ᠤᠷᠴᠢᠨ ᠶᠢᠨᠷ ᠦᠨᠳᠦᠰᠦᠳᠡᠨ ᠦ ᠤᠳᠬ᠎ᠠ ᠵᠤᠬᠢᠶᠠᠯ ᠳᠤ ᠲᠤᠭᠳᠠᠭᠠᠯᠲᠠ ᠬᠢᠵᠦ ᠪᠠᠢ᠌ᠭᠰᠠᠨ ᠢ ᠵᠡᠷᠭᠡᠴᠡᠭᠦᠯᠦᠨ ᠬᠠᠷᠢᠴᠠᠭᠤᠯᠬᠤ ᠪᠠ ᠳᠠᠢ᠌ᠯᠤᠨ ᠵᠠᠳᠠᠯᠬᠤ ᠠᠷᠭ᠋ ᠠ ᠪᠡᠷ ᠰᠢᠨᠵᠢᠯᠡᠵᠦ᠂ ᠳᠡᠭᠦᠨ ᠦ ᠨᠡᠢ᠌ᠭᠡᠮ ᠳᠡᠦᠬᠡ ᠶᠢᠨ ᠤᠬᠠᠭᠠᠨ ᠦ ᠤᠳᠬ᠎ᠠ ᠵᠤᠬᠢᠶᠠᠯ ᠤᠨ ᠤᠨᠤᠯᠴᠢ ᠪᠤᠯᠬᠤ ᠶᠢ ᠪᠠᠳᠤᠯᠠᠪᠠ᠃ |