论文信息


题名 ᠮᠣᠩᠭᠤᠯ ᠤᠷᠤᠨ ᠳ᠋ᠠᠬᠢ ᠢᠷᠭᠡᠨᠴᠦᠳ ᠢ ᠲᠢᠩᠬᠢᠮ ᠰᠢᠶᠠᠨ ᠤ ᠪᠠᠢᠭᠤᠯᠤᠮᠵᠢ ᠪᠡᠷ ᠬᠠᠮᠢᠶᠠᠷᠤᠭᠤᠯᠤᠭᠰᠠᠨ ᠲᠣᠬᠠᠢ——ᠤᠷᠳᠤᠰ ᠤᠨ ᠵᠡᠭᠦᠨᠭᠠᠷ ᠬᠤᠰᠢᠭᠤᠨ ᠤ ᠵᠢᠱᠢᠶᠡᠨ ᠲᠡᠭᠡᠷ ᠡ
作者 ᠪᠤᠤ ᠮᠠᠨᠳᠠ
关键词
摘要 ᠴᠢᠩ ᠤᠯᠤᠰ ᠤᠨ ᠦᠶ ᠠ ᠳ᠋ᠤ᠂ᠵᠡᠭᠦᠨᠭᠠᠷ ᠬᠤᠰᠢᠭᠤᠨ ᠤ ᠢᠷᠭᠡᠨᠴᠦᠳ ᠢ ᠠᠩᠬᠠᠨ ᠳ᠋ᠠᠭᠠᠨ ᠰᠠᠷᠠᠴᠢ(萨拉齐)ᠲᠤᠭᠲᠠᠬᠤ(托克托)ᠬᠦᠬᠡ ᠤᠰᠤ(清水河)ᠭᠤᠷᠪᠠᠨ ᠲᠢᠩᠬᠢᠮ  ᠢᠢᠡᠷ ᠬᠤᠪᠢᠶᠠᠨ ᠬᠠᠮᠢᠶᠠᠷᠤᠭᠤᠯᠵᠤ ᠪᠠᠢᠭᠰᠠᠨ ᠢᠢᠡᠷ ᠲᠡᠭᠷᠢ ᠲᠡᠳᠭᠦᠭᠴᠢ ᠶᠢᠨ ᠰᠡᠬᠦᠯ ᠤᠨ ᠵᠢᠯ ᠳ᠋ᠤ ᠂ ᠬᠤᠶᠠᠷ ᠲᠢᠩᠬᠢᠮ ᠢᠢᠡᠷ ᠬᠤᠪᠢᠶᠠᠨ ᠵᠠᠰᠠᠬᠤ ᠪᠠᠢᠳᠠᠯ ᠪᠦᠷᠢᠯᠳᠦᠪᠡ᠃ ᠴᠢᠩ ᠤᠯᠤᠰ ᠤᠨ ᠰᠡᠬᠦᠯᠴᠢ ᠪᠡᠷ ᠱᠠᠨ ᠰᠢ ᠮᠦᠵᠢ ᠶᠢᠨ ᠴᠠᠭᠲᠠᠨ ᠵᠠᠬᠢᠶᠠᠭᠴᠢ ᠰᠠᠢᠳ ᠵᠠᠩ ᡁᠢ ᠳ᠋ᠦᠩ ᠵᠡᠬᠦᠨᠭᠠᠷ ᠬᠤᠰᠢᠭᠤᠨ ᠳ᠋ᠡᠬᠢ ᠢᠷᠭᠡᠨᠴᠦᠳ ᠲᠦ ᠡᠷᠦᠬᠡ ᠠᠮᠠ ᠶᠢᠨ ᠲᠠᠩᠰᠠ ᠤᠯᠭᠤᠵᠤ᠂ᠤᠢᠷ ᠠ ᠣᠷᠴᠢᠮ ᠤᠨ ᠲᠢᠩᠬᠢᠮ ᠰᠢᠶᠠᠨ ᠳ᠋ᠦ ᠬᠠᠮᠢᠶᠠᠷᠤᠭᠤᠯᠬᠤ ᠲᠣᠬᠠᠢ ᠰᠠᠨᠠᠭᠤᠯᠭ᠎ᠠ ᠲᠤᠷᠠᠳᠤᠨ᠂ ᠲᠡᠷᠡ ᠨᠢ ᠲᠦᠷᠢᠮ ᠲᠤᠭᠲᠠᠭᠠᠯ ᠤᠨ ᠲᠠᠯ ᠠ ᠪᠡᠷ ᠲᠤᠳᠤᠷ ᠤᠷᠤᠨ ᠤ ᠢᠷᠭᠡᠨᠴᠦᠳ ᠤᠨ ᠪᠤᠭᠤᠮᠲᠠ ᠶᠢᠨ ᠭᠠᠳᠠᠨ᠎ᠠ ᠨᠡᠬᠦᠵᠦ ᠢᠷᠡᠬᠦ ᠳ᠋ᠦ ᠵᠠᠮ ᠨᠡᠭᠡᠭᠡᠵᠦ ᠦᠭᠴᠠᠢ᠃ ᠠᠯᠪᠠᠨ ᠤ ᠠᠳᠠᠷ ᠬᠠᠭᠠᠯᠪᠤᠷᠢᠯᠠᠯᠲᠠ ᠡᠬᠢᠯᠡᠭᠰᠡᠨ ᠤ ᠲᠠᠷᠠᠭ᠎ᠠ᠂ ᠴᠢᠩ ᠤᠯᠤᠰ ᠤᠨ ᠵᠠᠰᠠᠭ ᠤᠨ ᠭᠠᠵᠠᠷ ᠡᠴᠡ ᠵᠡᠭᠦᠨᠭᠠᠷ ᠬᠤᠰᠢᠭᠤᠨ ᠤ ᠬᠠᠷ ᠠ ᠫᠠᠢᠰᠠ ᠶᠢᠨ ᠭᠠᠵᠠᠷ(黑阶地) ᠪᠠ ᠪᠤᠷᠤᠲᠤᠬᠤᠢ ᠤᠷᠤᠨ ᠤ ᠲᠠᠷᠢᠶᠠᠨ ᠭᠠᠵᠠᠷ ᠲᠦᠷᠢᠶᠡᠰᠦᠯᠡᠬᠦ ᠡᠷᠭᠡ ᠵᠢ ᠰᠢᠯᠵᠢᠬᠦᠯᠦᠭᠰᠡᠨ ᠶᠠᠪᠤᠳᠠᠯ ᠨᠢ ᠬᠠᠪᠢ ᠵᠡᠷᠭᠡᠯᠡᠳᠡᠭᠡ ᠲᠢᠩᠬᠢᠮ ᠰᠢᠶᠠᠨ ᠤ ᠪᠤᠳᠠᠳᠤ ᠬᠦᠴᠦᠨ ᠢ ᠴᠢᠩᠭᠠᠷᠠᠭᠤᠯᠵᠤ᠂ ᠮᠣᠩᠭᠤᠯ ᠬᠤᠰᠢᠭᠤᠨ ᠤ ᠤᠯᠠᠮᠵᠢᠯᠠᠯᠲᠤ ᠡᠷᠭᠡ ᠠᠰᠢᠭ ᠢ ᠤᠯᠠᠮ ᠨᠢᠭᠡ ᠠᠯᠬᠤᠮ ᠠᠯᠳᠠᠭᠳᠠᠭᠤᠯᠵᠠᠢ᠃
原文 查看原文
出自 内蒙古社会科学(蒙文版) 2017年 第5期

联系我们


内蒙古大学图书馆
呼和浩特市大学西路235号
中国·内蒙古
P: (0471) 4992561
E: huangfeilong@imu.edu.cn