摘要 |
ᠦᠭᠦᠯᠡᠯ ᠳ᠋ᠤ᠂ ᠦᠯᠢᠭᠡᠷᠲᠤ ᠲᠠᠭᠤᠤ ᠳᠡᠬᠢ ᠪᠠᠭᠠᠲᠤᠷ ᠡᠷ ᠠ ᠶᠢᠨ ᠲᠠᠭᠤᠤ᠂ ᠴᠡᠷᠢᠭ ᠤᠨ ᠡᠷ ᠠ ᠶᠢᠨ ᠢᠨᠠᠭ ᠠᠮᠠᠷᠠᠭ ᠤᠨ ᠲᠠᠭᠤᠤ᠂ ᠬᠠᠯᠠ ᠵᠤᠪᠠᠠᠯᠩ ᠠᠮᠰᠠᠭᠰᠠᠨ ᠬᠠᠷᠠᠴᠤᠰ ᠤᠨ ᠲᠠᠭᠤᠤ ᠵᠢ ᠵᠠᠳᠠᠯᠤᠨ ᠰᠢᠨᠵᠢᠯᠡᠬᠦ ᠪᠡᠷ ᠲᠠᠮᠵᠢᠭᠤᠯᠤᠨ ᠦᠯᠢᠭᠡᠷᠲᠤ ᠲᠠᠭᠤᠤ ᠶᠢᠨ ᠪᠠᠶᠠᠷᠲᠤ ᠵᠦᠴᠦᠭᠡᠯᠡᠢᠭ ᠰᠢᠨᠵᠢ ᠵᠢ ᠠᠭᠤᠳᠠᠯᠤᠭᠰᠠᠨ ᠪᠠᠢᠨ᠎ᠠ᠃ ᠡᠲᠡᠭᠡᠷ ᠲᠠᠭᠤᠤ ᠳ᠋ᠤ ᠵᠤᠬᠢᠶᠠᠯ ᠤᠨ ᠭᠤᠤᠯ ᠪᠠᠭᠠᠲᠤᠷ ᠤᠨᠬᠠᠷᠬᠢᠰ ᠬᠦᠴᠦ᠂ ᠬᠠᠷᠠᠩᠭᠤᠢ ᠲᠠᠷᠤᠯᠠᠯ᠂ ᠲᠡᠷᠰᠯᠡᠬᠦᠦ ᠬᠦᠯᠢᠶᠡᠰᠦᠯᠡᠯ ᠢ ᠢᠯᠠᠨ ᠲᠠᠪᠠᠵᠤ ᠡᠴᠦᠰ ᠤᠨ ᠢᠯᠠᠯᠲᠠ ᠵᠢ ᠲᠡᠮᠡᠴᠨᠨ ᠤᠯᠵᠤ᠂ ᠦᠯᠢᠭᠡᠷᠲᠤ ᠲᠠᠭᠤᠤ ᠵᠢ ᠪᠠᠶᠠᠷᠲᠤ ᠵᠦᠴᠦᠭᠡᠯᠢᠭ ᠰᠢᠨᠵᠢ ᠲᠠᠢ ᠪᠤᠯᠭᠠᠪᠠ᠃ ᠡᠨᠡ ᠨᠢ ᠴᠠᠭ ᠦᠶ ᠠ ᠶᠢᠨ ᠤᠰᠤᠰᠬᠠᠯ ᠰᠠᠢᠵᠢᠷᠠᠯ ᠲᠠᠢ ᠬᠤᠯᠪᠤᠭᠳᠠᠬᠤ ᠪᠡᠷ ᠦᠯᠦ ᠪᠠᠷᠠᠮ᠂ ᠮᠣᠩᠭᠤᠯ ᠤᠳᠬ ᠠ ᠤᠷᠠᠯᠢᠭ ᠤᠨ ᠬᠦᠰᠡᠬᠦᠢᠴᠢ ᠦᠵᠡᠯ ᠤᠨ ᠤᠯᠠᠮᠵᠢᠯᠠᠯ ᠲᠠᠢ ᠴᠦ ᠬᠤᠯᠪᠤᠭᠳᠠᠬᠤ ᠶᠣᠮ. |