摘要 |
ᠲᠠᠯ ᠠ ᠨᠤᠲᠤᠭ ᠤᠨ ᠮᠣᠩᠭᠤᠯ ᠮᠠᠯᠴᠢᠳ ᠤᠨ ᠲᠠᠪᠤᠨ ᠬᠤᠰᠢᠭᠤ ᠮᠠᠯ ᠳ᠋ᠤ ᠡᠭᠡ ᠲᠦᠯ ᠠᠪᠤᠭᠤᠯᠬᠤ ᠠᠶ ᠠ ᠲᠠᠭᠤᠤ ᠪᠤᠯ ᠦᠨᠳᠦᠷᠯᠢᠭ ᠨᠤᠲᠤᠭ ᠤᠨ ᠮᠣᠩᠭᠤᠯ ᠠᠷᠰᠳ ᠤᠨ ᠡᠭᠦᠳᠦᠯ᠂ ᠮᠣᠩᠭᠤᠯ ᠮᠠᠯᠴᠢᠨ ᠬᠦᠮᠦᠨ ᠤ ᠵᠠᠤ ᠠᠬᠤᠢ ᠳ᠋ᠠᠭᠠᠨ ᠴᠢᠭᠯᠡᠬᠦᠦᠭᠰᠡᠨ ᠠᠮᠢ ᠠᠪᠤᠷᠠᠯ ᠤᠨ ᠦᠵᠡᠯ ᠰᠡᠳᠬᠢᠯᠭᠡᠨ ᠢ ᠢᠯᠡᠷᠭᠡᠢᠢᠯᠡᠭᠰᠡᠨ ᠤᠶᠠᠩᠭᠠᠯᠢᠭ ᠠᠶ ᠠ ᠲᠠᠭᠤᠤ ᠮᠦᠨ᠃ ᠮᠣᠩᠭᠤᠯ ᠬᠦᠮᠦᠨ ᠨᠡᠭᠦᠳᠡᠯ ᠤᠨ ᠠᠩᠴᠢᠨ ᠪᠠᠢᠭᠰᠠᠨ ᠡᠴᠡ ᠪᠠᠨ ᠨᠡᠭᠦᠳᠡᠯ ᠤᠨ ᠯᠠᠮᠴᠢᠨ ᠪᠤᠯᠵᠤ᠂ ᠤᠢ ᠶᠢᠨ ᠰᠣᠶᠣᠯ ᠪᠠ ᠲᠠᠯ ᠠ ᠶᠢᠨ ᠰᠣᠶᠣᠯ ᠬᠤᠶᠠᠷ ᠢᠳᠡᠭᠡᠰᠢᠨ ᠰᠢᠨᠡᠳᠦᠭᠰᠡᠨ ᠲᠡᠦᠭᠡᠨ ᠠᠬᠤᠢ ᠶᠢᠨ ᠲᠦᠷᠦᠳᠡᠰᠦ ᠮᠦᠨ᠃ ᠮᠣᠩᠭᠤᠯ ᠮᠠᠯᠴᠢᠳ ᠲᠠᠪᠤᠨ ᠬᠤᠰᠢᠭᠤ ᠮᠠᠯ ᠤᠨ ᠲᠦᠷᠢᠦᠢᠯ ᠪᠦᠷᠢ ᠳ᠋ᠤ ᠲᠤᠬᠢᠷᠠᠭᠰᠠᠨ ᠲᠦᠯ ᠠᠪᠤᠭᠤᠯᠬᠤ ᠠᠶ ᠠ ᠲᠠᠭᠤᠤ ᠵᠢ ᠵᠤᠬᠢᠶᠠᠨ ᠤᠯᠠᠮᠵᠢᠯᠠᠭᠰᠠᠨ ᠪᠠᠢᠳᠠᠭ᠂ ᠲᠡᠭᠦᠨ ᠢ 《 ᠲᠤᠢᠭ ᠤᠨ ᠲᠠᠭᠤᠤ》 ᠭᠡᠵᠦ ᠨᠡᠷᠡᠯᠡᠬᠦ ᠶᠢᠨ ᠤᠷᠤᠨ ᠳ᠋ᠤ《 ᠲᠦᠯ ᠠᠪᠤᠭᠤᠯᠬᠤ ᠲᠠᠭᠤᠤ》 ᠭᠡᠵᠦ ᠨᠡᠷᠡᠰᠢᠬᠦᠯᠪᠡᠯ ᠲᠠᠭᠡᠷ ᠠ ᠶᠣᠮ᠃ |