题名 |
ᠤᠰᠤᠨ ᠪᠤᠳᠤᠭ ᠤᠨ ᠵᠢᠷᠤᠭ ᠤᠨ ᠭᠠᠵᠠᠷ ᠤᠷᠤᠨᠴᠢ ᠣᠨᠴᠠᠯᠢᠭ ᠤᠨ ᠪᠦᠷᠢᠯᠳᠦᠯ ᠤᠨ ᠵᠠᠳᠠᠯᠠᠤᠯᠲᠠ |
作者 |
ᠴᠠᠩ ᠴᠢᠩ |
关键词 |
ᠤᠰᠤᠨ ᠪᠤᠳᠤᠭ ᠤᠨ ᠵᠢᠷᠤᠭ; ᠭᠠᠵᠠᠷ ᠤᠷᠤᠨᠴᠢ ᠪᠦᠷᠢᠯᠳᠦᠯ; ᠪᠠᠢᠭᠠᠯᠢᠯᠢᠭ ᠠᠨᠢᠰᠤ; ᠬᠦᠮᠦᠨ ᠰᠣᠶᠣᠯ ᠤᠨ ᠡᠯᠸᠮᠸᠨ᠋ᠲ |
摘要 |
ᠤᠰᠤᠨ ᠪᠤᠳᠤᠭ ᠤᠨ ᠵᠢᠷᠤᠭ ᠪᠤᠯ ᠲᠤᠩᠭᠠᠯᠠᠭᠵᠢᠭᠤᠨ ᠵᠢᠷᠤᠬᠤ ᠠᠷᠭ᠎ᠠ ᠪᠡᠷ ᠪᠦᠬᠦᠯᠢ ᠴᠣᠭᠴᠠ ᠵᠢ ᠤᠷᠠᠯᠠᠵᠤ ᠪᠦᠲᠦᠭᠡᠭᠰᠡᠨ ᠤᠷᠠᠨ ᠵᠢᠷᠤᠭ ᠤᠨ ᠪᠡᠶ ᠠ ᠪᠠᠨ ᠲᠠᠭᠠᠭᠠᠭᠰᠠᠨ ᠨᠢᠭᠡ ᠲᠦᠷᠦᠯ ᠵᠦᠢᠯ ᠪᠤᠯᠬᠤ ᠶᠣᠮ᠃ ᠭᠠᠵᠠᠷ ᠤᠷᠤᠨᠴᠢ ᠣᠨᠴᠠᠯᠢᠭ ᠭᠡᠳᠡᠭ ᠨᠢ ᠪᠠᠢᠭᠠᠯᠢ᠂ ᠨᠡᠢᠭᠡᠮ᠂ ᠬᠦᠮᠦᠨ ᠭᠤᠷᠪᠠ ᠶᠢᠨ ᠠᠯᠢᠳᠤᠯᠢᠭ ᠠᠭᠤᠰᠤᠯᠴᠠᠯ ᠳ᠋ᠤ ᠲᠤᠭᠲᠠᠭᠠᠭᠰᠠᠨ ᠪᠠᠢᠭᠠᠯᠢ ᠭᠠᠵᠠᠷ ᠵᠦᠢ ᠶᠢᠨ ᠦᠪᠡᠷᠮᠢᠴᠡ ᠦᠩᠭᠡ ᠦᠵᠡᠮᠵᠢ᠂ ᠬᠦᠮᠦᠨ ᠨᠡᠢᠭᠡᠮ ᠤᠨ ᠤᠨᠴᠠᠭᠠᠢ ᠠᠬᠤᠢ ᠣᠷᠴᠢᠨ᠂ ᠠᠵᠤ ᠠᠬᠤᠢ ᠶᠢᠨ ᠤᠨᠳᠤᠤ ᠬᠡᠯᠪᠡᠷᠢ ᠮᠠᠶᠢᠭ ᠪᠠ ᠬᠦᠮᠦᠨ ᠤ ᠠᠮᠢᠳᠤᠷᠠᠯ ᠦᠢᠯᠡᠳᠪᠦᠷᠢᠯᠡᠯ ᠤᠨ ᠤᠯᠠᠮᠵᠢᠠᠯᠯᠲᠤ ᠬᠡᠪᠤ ᠵᠠᠩᠰᠢᠯ ᠵᠡᠷᠭᠡ ᠵᠢ ᠶᠡᠷᠦᠩᠬᠡᠢᠢᠯᠡᠨ ᠵᠢᠭᠠᠵᠤ ᠪᠤᠢ᠃ ᠭᠠᠵᠠᠷ ᠤᠷᠤᠨᠴᠢ ᠣᠨᠴᠠᠯᠢᠭ ᠨᠢ ᠤᠰᠤᠨ ᠪᠤᠳᠤᠭ ᠤᠨ ᠵᠢᠷᠤᠭ ᠤᠨ ᠰᠡᠳᠦᠪᠯᠡᠬᠦᠨ᠂ ᠠᠭᠤᠯᠭ᠎ᠠ ᠰᠠᠨᠠᠭ᠎ᠠ ᠵᠢᠴᠢ ᠢᠯᠡᠷᠡᠬᠦᠯᠬᠦ ᠠᠷᠭ᠎ᠠ ᠮᠠᠶᠢᠭ᠂ ᠵᠢᠷᠤᠭᠯᠠᠯ ᠤᠨ ᠤᠷ ᠠ ᠮᠡᠷᠭᠡᠵᠢᠯ ᠵᠡᠷᠭᠡ ᠤᠯᠠᠨ ᠲᠠᠯ ᠠ ᠵᠢ ᠬᠠᠮᠤᠷᠤᠨ ᠨᠦᠯᠦᠭᠡᠯᠡᠵᠦ ᠪᠠᠢᠭ᠎ᠠ ᠪᠦᠭᠡᠳ ᠤᠰᠤᠨ ᠪᠤᠳᠤᠭ ᠤᠨ ᠵᠢᠷᠤᠭ ᠨᠢ ᠴᠦ ᠭᠠᠠᠵᠷ ᠤᠷᠤᠨᠴᠢ ᠣᠨᠴᠠᠯᠢᠭ ᠢ ᠲᠤᠰᠬᠠᠨ ᠢᠯᠡᠷᠡᠬᠦᠯᠬᠦ ᠪᠡᠷ ᠦᠪᠡᠷ ᠤᠨ ᠦᠪᠡᠷᠮᠢᠴᠡ ᠰᠢᠨᠵᠢ ᠪᠠᠨ ᠪᠤᠯᠭᠠᠭᠰᠠᠨ ᠶᠣᠮ᠃ ᠤᠰᠤᠨ ᠪᠤᠳᠤᠭ ᠤᠨ ᠵᠢᠷᠤᠭ ᠤᠨ ᠦᠪᠡᠷ ᠤᠨ ᠬᠢᠨᠢ ᠬᠦᠭᠵᠢᠯᠲᠡ ᠶᠢᠨ ᠶᠠᠪᠤᠴᠠ ᠳ᠋ᠤ ᠲᠡᠬᠦᠨ ᠤ ᠭᠠᠵᠠᠷ ᠤᠷᠤᠨᠴᠢ ᠣᠨᠴᠠᠯᠢᠭ ᠨᠢ ᠪᠦᠷᠢᠯᠳᠦᠵᠦ ᠬᠦᠭᠵᠢᠵᠦ ᠢᠷᠡᠵᠡᠢ᠃ |
原文 |
没有原文
|
出自 |
内蒙古社会科学(蒙文版)
2019年
第5期
|