摘要 |
ᠮᠣᠩᠭᠤᠯᠴᠤᠳ ᠲᠤᠮᠲᠠ ᠡᠷᠲᠡᠨ ᠡᠴᠡ ᠬᠤᠢᠰᠢ ᠭᠤᠤᠯᠳᠠᠭᠤ ᠠᠵᠤ ᠠᠬᠤᠢ ᠡᠷᠬᠢᠯᠡᠨ᠂ ᠲᠠᠷᠢᠶᠠᠯᠠᠬᠤ ᠪᠠ ᠪᠤᠰᠤᠳ ᠠᠵᠤ ᠠᠬᠤᠢ ᠪᠡᠷ ᠲᠤᠰᠠᠯᠠᠭᠤᠯᠵᠤ ᠪᠠᠢᠭᠰᠠᠨ ᠢᠢᠡᠨ ᠮᠢᠩ ᠤᠯᠤᠰ ᠤᠨ ᠲᠤᠮᠳᠠ ᠰᠡᠭᠦᠯᠴᠢ ᠪᠠ ᠴᠢᠩ ᠤᠤᠯᠰ ᠤᠨ ᠦᠶ ᠠ ᠡᠴᠡ ᠡᠬᠢᠯᠡᠨ ᠲᠠᠷᠢᠶᠠᠯᠠᠨ ᠠᠵᠤ ᠠᠬᠤᠢ ᠵᠢ ᠵᠤᠬᠢᠬᠤ ᠬᠦᠷᠢᠶ ᠠ ᠬᠡᠪᠴᠢᠶ ᠠ ᠲᠠᠢ ᠪᠡᠷ ᠡᠷᠬᠢᠯᠡᠬᠦ ᠪᠤᠯᠵᠠᠢ᠃ ᠦᠭᠦᠯᠡᠯ ᠳ᠋ᠤ ᠰᠢᠨ᠎ᠠ ᠨᠢᠭᠡᠨ ᠰᠣᠳᠤᠯᠭᠠᠨ ᠤ ᠬᠠᠷᠭᠠᠴᠤ ᠡᠴᠡ ᠮᠣᠩᠭᠤᠯᠴᠤᠳ ᠤᠨ ᠲᠠᠢᠷᠶᠠᠯᠠᠩ ᠤᠨ ᠲᠤᠬᠠᠢ ᠤᠢᠯᠠᠭᠠᠭᠳᠠᠬᠤᠨ ᠢ ᠨᠠᠷᠢᠰᠬᠠᠨ ᠲᠤᠳᠤᠷᠬᠠᠢᠯᠠᠵᠤ᠂ ᠲᠡᠭᠦᠨ ᠤ ᠣᠨᠴᠠᠯᠢᠭ ᠰᠢᠨᠵᠢ ᠵᠢ ᠵᠠᠳᠠᠯᠤᠨ ᠰᠢᠨᠵᠢᠯᠡᠬᠦ ᠶᠢᠨ ᠲᠠᠠᠭᠤ ᠮᠣᠩᠭᠤᠯᠴᠤᠳ ᠤᠨ ᠲᠠᠷᠢᠶᠠᠯᠠᠩ ᠤᠨ ᠲᠡᠦᠭᠡᠨ ᠤᠷᠠᠯᠠᠯ ᠢ ᠮᠣᠩᠭᠤᠯ ᠨᠠᠮᠤᠭ ᠲᠠᠷᠢᠶ ᠠ᠂ ᠮᠣᠩᠭᠤᠯ ᠸᠠᠩ ᠬᠦᠩ ᠤᠨ ᠲᠠᠷᠢᠶᠠᠯᠠᠠᠩ ᠬᠢᠭᠡᠳ ᠣᠷᠴᠢᠨ ᠣᠳᠣ ᠦᠶ ᠠ ᠮᠣᠩᠭᠤᠯ ᠲᠠᠷᠢᠶᠠᠯᠠᠩ ᠭᠡᠵᠦ ᠭᠤᠷᠪᠠᠨ ᠱᠠᠲᠤ ᠦᠶ ᠠ ᠬᠤᠪᠢᠶᠠᠨ ᠰᠢᠨᠵᠢᠡᠯᠪᠡ᠃ |