摘要 |
ᠦᠭᠡᠳᠡᠢ ᠬᠠᠭᠠᠨ ᠪᠤᠯ ᠮᠣᠩᠭᠯᠤ ᠬᠠᠭᠠᠨᠲ ᠤᠤᠯᠤᠰ ᠤᠨ ᠬᠤᠶᠠᠳᠤᠭᠠᠷ ᠦᠶ ᠡ ᠶᠢᠨ ᠶᠡᠬᠡ ᠬᠠᠭᠠᠨ ᠪᠠᠢᠵᠤ᠂ ᠲᠡᠬᠦᠨ ᠤ ᠲᠦᠷᠦ ᠵᠠᠰᠠᠬᠤ ᠤᠯᠤᠰ ᠲᠦᠷᠦ ᠶᠢᠨ ᠦᠵᠡᠯ ᠰᠠᠨᠠᠭ᠎ᠠ ᠨᠢ ᠬᠦᠮᠦᠢ ᠯᠡ ᠦᠵᠡᠯ ᠰᠠᠨᠠᠭᠠᠨ ᠤ ᠲᠤᠮᠳᠠ ᠭᠤᠤᠯᠠᠯᠬᠤ ᠪᠠᠢᠷᠢ ᠵᠢ ᠡᠵᠡᠯᠡᠵᠦ᠂《ᠦᠭᠯᠢᠭᠡ ᠦᠭᠬᠦ》 ᠦᠢᠯᠡ ᠠᠵᠢᠯᠯᠠᠭ᠎ᠠ ᠨᠢ ᠲᠡᠬᠦᠨ ᠤ ᠤᠯᠤᠰ ᠲᠦᠷᠦ ᠶᠢᠨ ᠦᠵᠡᠯ ᠰᠠᠨᠠᠭ᠎ᠠ ᠲᠤᠮᠳᠠ ᠴᠢᠬᠤᠯᠠ ᠪᠠᠢᠷᠢ ᠰᠠᠭᠤᠷᠢ ᠵᠢ ᠡᠵᠡᠯᠡᠵᠦ ᠪᠠᠢᠳᠠᠭ᠃ ᠦᠭᠡᠳᠡᠢ ᠬᠠᠭᠠᠨ ᠤ 《 ᠦᠭᠯᠢᠭᠡ ᠦᠭᠬᠦ》 ᠦᠢᠯᠡ ᠠᠵᠢᠯᠯᠠᠭ᠎ᠠ ᠶᠢᠨ ᠡᠭᠦᠰᠦᠭᠰᠡᠨ ᠰᠢᠯᠲᠠᠭᠠᠨ ᠵᠢᠴᠢ ᠠᠴᠢ ᠬᠤᠯᠪᠤᠭᠳᠠᠯ ᠢ ᠦᠭᠦᠯᠡᠬᠦ ᠨᠢ ᠲᠡᠬᠦᠨ ᠤ ᠨᠢᠭᠡ ᠨᠠᠰᠤᠨ ᠤ ᠦᠢᠯᠡ ᠶᠠᠪᠤᠳᠠᠯ ᠵᠢᠴᠢ ᠲᠡᠬᠦᠨ ᠤ ᠲᠦᠷᠦ ᠵᠠᠰᠠᠬᠤ ᠤᠯᠤᠰ ᠲᠦᠷᠦ ᠶᠢᠨ ᠦᠵᠡᠯ ᠰᠠᠨᠠᠭ᠎ᠠ ᠵᠢ ᠤᠯᠠᠮ ᠨᠢᠭᠡᠨ ᠠᠯᠬᠤᠮ ᠰᠣᠳᠤᠯᠬᠤ ᠳ᠋ᠤ ᠴᠢᠬᠤᠯᠠ ᠠᠴᠢ ᠬᠤᠯᠪᠤᠭᠳᠠᠯ ᠲᠠᠢ᠃ |