| 题名 | 
                ᠮᠣᠩᠭᠤᠯ ᠤᠯᠤᠰ ᠤᠨ ᠴᠦᠭᠡᠬᠦᠯᠡ ᠶᠢᠨ ᠣᠳᠤᠬᠢ ᠪᠠᠢᠳᠠᠯ ᠤᠨ ᠲᠤᠬᠠᠢ | 
            
            
                | 作者 | 
                ᠤᠷᠤᠨ; ᠦᠷᠡᠦ᠋ᠲᠠ | 
            
            
                | 关键词 | 
                ᠨᠢᠭᠡ ᠪᠦᠰᠡ ᠨᠢᠭᠡ ᠵᠠᠮ; ᠮᠣᠩᠭᠤᠯ ᠤᠯᠤᠰ; ᠦᠨᠳᠦᠰᠦᠲᠡᠨ ᠤ ᠦᠭᠡ ᠬᠡᠯᠡ; ᠱᠠᠰᠢᠨ ᠰᠤᠷᠲᠠᠬᠤᠨ; ᠣᠳᠣᠬᠢ | 
            
            
                | 摘要 | 
                ᠮᠣᠨᠭᠤᠯ ᠤᠯᠤᠰ ᠪᠤᠯ ᠠᠽᠢᠶ ᠠ ᠲᠢᠪ ᠤᠨ ᠲᠤᠳᠤᠭᠠᠲᠤ ᠬᠠᠭᠤᠷᠠᠢ ᠳ᠋ᠤ ᠤᠷᠤᠰᠢᠵᠤ᠂ ᠲᠤᠰᠠᠭᠠᠷ ᠲᠤᠭᠲᠠᠨᠢᠭᠰᠠᠨ ᠡᠷᠭᠡ ᠪᠦᠬᠦᠢ ᠤᠯᠤᠰ ᠶᠣᠮ᠃ ᠮᠣᠩᠭᠯᠤ ᠤᠯᠤᠰ ᠤᠨ ᠤᠯᠤᠰ ᠤᠨ ᠲᠤᠳᠤᠭᠠᠲᠤ ᠶᠢᠨ ᠦᠨᠳᠦᠰᠦᠲᠡᠨ ᠤ ᠪᠦᠲᠦᠴᠡ ᠨᠢ ᠬᠠᠷᠢᠴᠠᠩᠭᠤᠢ ᠲᠦᠬᠦᠮ ᠪᠠᠢᠵᠤ᠂ ᠮᠣᠩᠭᠤᠯ ᠦᠨᠳᠦᠰᠦᠲᠡᠨ ᠡᠴᠡ ᠭᠠᠳᠠᠨᠠ ᠬᠠᠰᠠᠭ᠂ ᠲᠤᠸᠠ᠂ ᠴᠠᠳᠠᠨ᠂ ᠡᠸᠩᠬᠢ ᠵᠡᠷᠭᠡ ᠴᠦᠭᠡᠨ ᠦᠨᠳᠦᠰᠦᠲᠡᠨ  ᠲᠠᠢ ᠪᠠᠢᠳᠠᠭ᠃ᠡᠳᠡᠭᠡᠷ ᠦᠨᠳᠦᠰᠦᠲᠡᠨ ᠨᠢ ᠴᠦᠮ ᠠᠯᠳᠠᠢ ᠢᠵᠠᠭᠤᠷ ᠬᠡᠯᠡ ᠤ ᠤᠭᠰᠠᠭᠠᠲᠠᠨ  ᠪᠤᠯᠪᠠᠴᠠ ᠤᠷᠤᠰᠢᠨ ᠰᠠᠭᠤᠵᠤ ᠪᠠᠢᠭᠠ ᠭᠠᠵᠠᠷ ᠤᠷᠤᠨ ᠪᠤᠯᠤᠨ ᠦᠢᠯᠡᠳᠪᠦᠷᠢᠯᠡᠯ ᠠᠮᠢᠳᠤᠷᠠᠯ ᠤᠨ ᠬᠡᠯᠪᠡᠷᠢ ᠶᠢᠨ ᠠᠳᠠᠯᠢ ᠪᠤᠰᠤ ᠡᠴᠡ ᠪᠤᠯᠵᠤ ᠰᠣᠶᠣᠯ ᠢᠷᠭᠡᠯᠰᠢᠯ ᠤᠨ ᠲᠠᠯ ᠠ ᠪᠡᠷ ᠲᠤᠳᠤᠷᠬᠠᠢ ᠵᠦᠷᠢᠶ ᠠ ᠲᠠᠢ ᠪᠠᠢᠳᠠᠭ᠃ ᠲᠡᠦᠭᠡᠨ ᠪᠤᠯᠤᠨ ᠤᠯᠤᠰ ᠲᠦᠷᠦ ᠶᠢᠨ ᠰᠢᠯᠲᠠᠭᠠᠨ ᠡᠴᠡ ᠪᠤᠯᠵᠤ ᠮᠣᠩᠭᠤᠯ ᠤᠯᠤᠰ ᠤᠨ  ᠦᠨᠳᠦᠰᠦᠲᠡᠨ ᠶᠠᠰᠤᠲᠠᠨ ᠴᠦᠮ ᠬᠢᠯᠢ ᠠᠯᠤᠰᠯᠠᠭᠰᠠᠨ ᠦᠨᠳᠦᠰᠦᠲᠡᠨ ᠤ ᠲᠦᠷᠦᠯ ᠳ᠋ᠤ ᠪᠠᠭᠲᠠᠵᠤ ᠬᠢᠳᠠᠳ ᠪᠤᠯᠤᠨ ᠤᠷᠤᠰ ᠤᠨᠬᠢᠯᠢ ᠲᠤᠳᠤᠷᠠᠬᠢ ᠭᠠᠷᠤᠯ ᠨᠢᠭᠡᠳᠡᠢ ᠦᠨᠳᠦᠰᠦᠲᠡᠨ ᠲᠠᠢ ᠮᠠᠰᠢ ᠵᠤᠵᠠᠭᠠᠨ ᠰᠣᠶᠣᠯ ᠤᠨ ᠬᠠᠷᠢᠴᠠᠭᠠ ᠲᠠᠢ ᠪᠠᠢᠳᠠᠭ᠃ | 
            
            
                | 原文 | 
                
                    
                    没有原文
                    
                 | 
            
          
            | 出自 | 
            
              内蒙古社会科学(蒙文版)
              2019年
               第5期
             |