摘要 |
ᠦᠭᠦᠯᠡᠯ ᠳ᠋ᠤ ᠮᠠᠷᠺᠰ ᠤᠨ 《 ᠬᠦᠷᠦᠩᠭᠡ ᠶᠢᠨ ᠲᠤᠬᠠᠢ》 ᠶᠢᠨ ᠨᠢᠭᠡᠳᠦᠭᠡᠷ ᠪᠤᠳᠢ ᠳ᠋ᠤ ᠦᠭᠦᠯᠡᠭᠰᠡᠨ ᠲᠦᠬᠦᠮ ᠬᠠᠮᠵᠢᠯᠴᠠᠭᠠᠨ ᠤ ᠤᠨᠤᠯ ᠤᠨ ᠲᠤᠬᠠᠢ ᠲᠠᠢᠯᠪᠤᠷᠢᠯᠠᠨ᠂ ᠲᠡᠭᠦᠨ ᠤ ᠤᠨᠤᠯ ᠤᠨ ᠢᠷᠡᠯᠲᠡ ᠵᠢ ᠬᠤᠷᠢᠶᠠᠩᠭᠤᠢᠯᠠᠨ ᠦᠭᠦᠯᠡᠵᠦ᠂ ᠬᠠᠮᠵᠢᠯᠴᠠᠭ᠎ᠠ ᠨᠢ ᠬᠤᠪᠢ ᠬᠦᠮᠦᠨ ᠤ ᠬᠦᠳᠡᠯᠮᠦᠷᠢ ᠵᠢ ᠨᠡᠢᠭᠡᠮ ᠤᠨ ᠲᠤᠮᠳᠠᠴᠢ ᠬᠦᠳᠡᠯᠮᠦᠷᠢ ᠶᠢᠨ ᠰᠢᠨᠵᠢ ᠴᠢᠠᠨᠷ ᠲᠠᠢ ᠪᠤᠯᠭᠠᠨ᠂ ᠬᠠᠮᠵᠢᠯᠴᠠᠭ᠎ᠠ ᠨᠢ ᠦᠢᠯᠳᠪᠦᠷᠢᠯᠡᠯ ᠤᠨ ᠬᠡᠷᠡᠭᠰᠡᠯ ᠢ ᠠᠷᠪᠢᠯᠠᠵᠤ᠂ ᠰᠢᠨ᠎ᠠ ᠦᠢᠯᠡᠳᠪᠦᠷᠢᠯᠡᠯ ᠤᠨ ᠬᠦᠴᠦᠨ ᠢ ᠡᠭᠦᠳᠴᠦ᠂ ᠬᠠᠮᠢᠶᠠᠷᠤᠯᠲᠠ ᠬᠡᠷᠡᠭᠰᠡᠬᠦ ᠵᠡᠷᠭᠡ ᠲᠦᠷᠪᠡᠨ ᠲᠠᠯ ᠠ ᠡᠴᠡ ᠮᠠᠷᠺᠰ ᠤᠨ ᠬᠠᠮᠵᠢᠯᠠᠴᠭᠠᠨ ᠤ ᠤᠨᠤᠯ ᠢ ᠲᠠᠢᠯᠪᠤᠷᠢᠯᠠᠬᠤ ᠪᠡᠷ ᠲᠠᠮᠵᠢᠨ ᠮᠠᠷᠺᠰ ᠤᠨ ᠬᠠᠮᠵᠢᠯᠴᠠᠭᠠᠨ ᠤ ᠤᠨᠤᠯ ᠤᠨ ᠤᠳᠤᠬᠢᠴᠢ ᠦᠷᠲᠡᠭ ᠢ ᠵᠠᠳᠠᠯᠤᠨ ᠦᠨᠡᠯᠡᠬᠦ ᠵᠢ ᠵᠤᠷᠢᠵᠠᠢ᠃ |