题名 |
ᠪᠤᠳᠤᠭᠲᠠᠢ ᠬᠠᠶᠠᠭᠳᠠᠮᠠᠯ ᠤᠰᠤᠨ ᠳᠠᠬᠢ ᠮᠧᠲ᠋ᠢᠯᠲᠤ ᠬᠦᠬᠡ ᠶᠢᠨ fenton ᠰᠢᠰᠲ᠋ᠧᠮ ᠳᠡᠬᠢ ᠵᠠᠳᠠᠷᠠᠯᠲᠠ |
作者 |
ᠪᠠᠢ ᠤᠶᠤᠨ; ᠬᠠᠨ ᠴᠦᠨ ᠰᠢᠶᠠ |
关键词 |
fenton; ᠳᠡᠳ᠋ ᠮᠧᠲ᠋ᠢᠯᠲᠤ ᠬᠦᠬᠡ; ᠢᠯᠵᠠᠮᠠᠭ ᠬᠦᠴᠢᠯ; ᠡᠪᠡᠰᠦᠨ ᠬᠦᠴᠢᠯ |
摘要 |
ᠦᠭᠦᠯᠡᠯ ᠳᠦ fenton ᠰᠢᠰᠲ᠋ᠧᠮ ᠳᠡᠬᠢ ᠳᠡᠳ᠋ ᠮᠧᠲ᠋ᠢᠯᠲᠤ ᠬᠦᠬᠡ (Methylene Blue, MB)᠋ ᠶᠢᠨ ᠵᠠᠳᠠᠷᠠᠬᠤ ᠶᠠᠪᠤᠴᠠ ᠳᠠᠬᠢ ᠨᠦᠯᠦᠭᠡᠯᠡᠬᠦ ᠡᠯᠧᠮᠧᠨ᠋ᠲ ᠢ ᠰᠤᠳᠤᠯᠵᠠᠢ᠃ ᠭᠤᠤᠯᠳᠠᠭᠤ ᠡᠬᠢᠨ ᠦ pH ᠬᠡᠮᠵᠢᠭᠳᠡᠯ᠂ Fe2+᠋ ᠤᠨ ᠡᠬᠢᠨ ᠦ ᠦᠳᠭᠡᠴᠡ ([Fe2+]0) ᠪᠠ H2O2᠋ ᠤ ᠡᠬᠢᠨ ᠦ ᠦᠳᠭᠡᠴᠡ ([H2O2]0) ᠵᠡᠷᠭᠡ ᠶᠢᠨ ᠨᠦᠯᠦᠭᠡ ᠶᠢ ᠰᠤᠳᠤᠯᠪᠠ᠃ ᠭᠠᠵᠠᠷ ᠤᠨ ᠭᠠᠳᠠᠷᠭᠤ ᠶᠢᠨ ᠤᠰᠤᠨ ᠳᠤ ᠢᠯᠵᠠᠮᠠᠭ ᠬᠦᠴᠢᠯ (Humic Acid, HA) ᠲᠦᠭᠡᠮᠡᠯ ᠣᠷᠤᠰᠢᠵᠤ᠂ ᠡᠪᠡᠰᠦᠨ ᠬᠦᠴᠢᠯ ᠪᠠᠢᠭᠠᠯᠢ ᠣᠷᠴᠢᠨ ᠳᠤ ᠨᠡᠢᠳᠡᠮ ᠲᠠᠷᠬᠠᠵᠤ ᠪᠠᠢᠭ᠎ᠠ ᠤᠴᠢᠷ ᠠᠴᠠ᠂ HA ᠪᠠ ᠡᠪᠡᠰᠦᠨ ᠬᠦᠴᠢᠯ ᠦᠨ ᠨᠦᠯᠦᠭᠡ ᠶᠢ ᠪᠠᠰᠠ ᠪᠠᠢᠴᠠᠭᠠᠭᠰᠠᠨ ᠪᠠᠢᠨ᠎ᠠ᠃ ᠲᠤᠷᠰᠢᠯᠲᠠ ᠭᠡᠷᠡᠴᠢᠯᠡᠭᠰᠡᠨ ᠨᠢ᠄ ᠬᠦᠴᠢᠯᠯᠢᠭ᠌ ᠪᠡ ᠰᠠᠭᠠᠷᠮᠠᠭ ᠣᠷᠴᠢᠨ ᠳᠤ MB ᠵᠠᠳᠠᠷᠠᠬᠤ ᠳᠤ ᠠᠰᠢᠭᠲᠠᠢ᠃ [Fe2+]0=0.3mmol/L ᠪᠠ [H2O2]0=10.0mmol/L ᠦᠶᠡᠰ ᠲᠦ᠂ 10min ᠤᠷᠪᠠᠯᠳᠤᠪᠠᠯ MB᠋ ᠶᠢᠨ ᠵᠠᠳᠠᠷᠠᠬᠤ ᠨᠤᠷᠮ᠎ᠠ ᠨᠢ 98% ᠬᠦᠷᠦᠨ᠎ᠡ᠃ ᠪᠠᠭ᠎ᠠ ᠦᠳᠭᠡᠴᠡ ᠲᠡᠢ HA ᠪᠠ ᠡᠪᠡᠰᠦᠨ ᠬᠦᠴᠢᠯ ᠨᠢ ᠰᠢᠰᠲ᠋ᠧᠮ ᠳᠦ ᠦᠨᠳᠦᠰᠦᠨ ᠳᠡᠭᠡᠨ ᠨᠦᠯᠦᠭᠡ ᠦᠵᠡᠭᠦᠯᠬᠦ ᠦᠭᠡᠢ᠂ ᠭᠡᠪᠡᠴᠦ [HA]0≥12.0mg/L᠂ ᠡᠪᠡᠰᠦᠨ ᠬᠦᠴᠢᠯ ᠦᠨ ᠡᠬᠢᠨ ᠦ ᠦᠳᠭᠡᠴᠡ ᠨᠢ 1.0mmol/L᠋ ᠠᠴᠠ ᠬᠡᠲᠦᠷᠡᠬᠦ ᠦᠶᠡᠰ ᠲᠦ᠂ ᠰᠢᠰᠲ᠋ᠧᠮ ᠳᠦ ᠬᠠᠷᠰᠢᠯᠠᠬᠤ ᠦᠢᠯᠡᠳᠦᠯ ᠦᠵᠡᠭᠦᠯᠵᠦ᠂ ᠡᠪᠡᠰᠦᠨ ᠬᠦᠴᠢᠯ ᠦᠨ ᠬᠠᠷᠰᠢᠯᠠᠬᠤ ᠦᠢᠯᠡᠳᠦᠯ ᠣᠨᠴᠠ ᠢᠯᠡᠷᠬᠡᠢ᠃ ᠤᠷᠠᠯᠳᠤᠬᠤ ᠴᠠᠭ ᠤᠨ ᠤᠷᠳᠤᠰᠬᠤ ᠢ ᠳᠠᠭᠠᠯᠳᠤᠨ᠂ HA᠋ ᠤᠨ ᠬᠠᠷᠰᠢᠯᠠᠬᠤ ᠦᠢᠯᠡᠳᠦᠯ ᠦᠨᠳᠦᠰᠦᠨ ᠳᠡᠭᠡᠨ ᠠᠷᠢᠯᠠᠵᠤ᠂ ᠡᠪᠡᠰᠦᠨ ᠬᠦᠴᠢᠯ ᠦᠨ ᠬᠠᠷᠰᠢᠯᠠᠬᠤ ᠦᠢᠯᠡᠳᠦᠯ ᠨᠢ ᠰᠤᠯᠠᠷᠠᠨ᠎ᠠ᠃ |
原文 |
没有原文
|
出自 |
内蒙古师范大学学报(自然科学蒙古文版)
2015年
第3期
|