题名 |
ᠰᠢᠨ᠎ᠠ ᠵᠠᠭᠤᠨ ᠤ ᠮᠣᠩᠭᠤᠯ ᠺᠢᠨᠤ᠋ ᠳ᠋ᠡᠬᠢ ᠬᠤᠶᠠᠡ ᠬᠦᠢᠰᠦᠲᠡᠨ ᠤ ᠰᠢᠨ ᠡ ᠬᠠᠷᠢᠴᠠᠭ᠎ᠠ |
作者 |
ᠨᠠᠬᠢᠶ ᠠ |
关键词 |
ᠰᠢᠨ᠎ᠠ ᠵᠠᠭᠤᠨ; ᠮᠣᠩᠭᠤᠯ ᠺᠢᠨᠤ᠋᠋ ᠬᠤᠶᠠᠷ ᠬᠦᠢᠰᠦᠲᠡᠨ ᠤ ᠬᠠᠷᠢᠴᠠᠭ᠎ᠠ; ᠬᠦᠴᠦᠷᠭᠡᠭ ᠪᠠ ᠪᠠᠭᠤᠷᠠᠢ |
摘要 |
ᠦᠭᠦᠯᠡᠯ ᠳ᠋ᠤ 21ᠳ᠋ᠤᠭᠡᠷ ᠵᠠᠭᠤᠨ ᠤ ᠮᠣᠩᠭᠤᠯ ᠦᠨᠳᠦᠰᠦᠲᠡᠨ ᠤ ᠺᠢᠨᠤ᠋ ᠪᠦᠲᠦᠭᠡᠯ ᠢᠢᠡᠷ ᠰᠣᠳᠤᠯᠤᠭᠳᠠᠬᠤᠨ ᠪᠤᠯᠭᠠᠵᠤ᠂ ᠺᠢᠨᠤ᠋ ᠳ᠋ᠡᠬᠢ ᠬᠤᠶᠡᠷ ᠬᠦᠢᠰᠦᠲᠡᠨ ᠤ ᠬᠠᠷᠢᠴᠠᠭ᠎ᠠ ᠵᠢ ᠲᠦᠷᠦᠬᠦᠦ ᠵᠭᠤᠨ ᠤ ᠮᠣᠩᠭᠤᠯ ᠺᠢᠨᠤ᠋ ᠲᠠᠢ ᠬᠠᠷᠢᠴᠠᠭᠤᠯᠤᠭᠰᠠᠨ ᠰᠠᠭᠤᠷᠢᠨ ᠲᠡᠭᠡᠷ ᠠ ᠰᠢᠨ᠎ᠠ ᠬᠤᠪᠢᠷᠠᠯᠲᠠ ᠭᠠᠷᠤᠭᠰᠠᠨ ᠢ ᠮᠠᠭᠠᠳᠯᠠᠵᠠᠢ᠃ ᠺᠢᠨᠤ᠋ ᠳ᠋ᠡᠬᠢ ᠡᠷᠡᠭᠲᠡᠢ ᠡᠮᠡᠭᠲᠡᠢ ᠬᠤᠶᠠᠷ ᠬᠦᠢᠰᠦ ᠶᠢᠨ ᠷᠤᠯᠢ ᠶᠢᠨ ᠵᠠᠩ ᠴᠢᠠᠨᠷ᠂ ᠤᠪᠤᠷ ᠦᠵᠡᠯᠲᠡ᠂ ᠬᠦᠦᠷᠨᠢᠯ ᠤᠨ ᠣᠷᠴᠢᠨ ᠳ᠋ᠤ ᠦᠵᠡᠭᠦᠯᠦᠭᠰᠡᠨ ᠦᠢᠯᠡᠳᠦᠯ ᠢ ᠬᠠᠷᠢᠴᠠᠭᠤᠯᠬᠤ ᠪᠡᠷ ᠲᠠᠮᠵᠢᠨ ᠬᠤᠶᠠᠡ ᠬᠦᠢᠰᠦᠲᠡᠨ ᠤ ᠬᠠᠷᠢᠴᠠᠭᠠᠨ ᠳ᠋ᠤ ᠬᠦᠴᠦᠷᠭᠡᠭ ᠪᠠᠭᠤᠷᠠᠢ᠂ ᠠᠪᠤᠷᠠᠭᠴᠢ ᠪᠠ ᠠᠪᠤᠷᠠᠳᠭᠠᠭᠴᠢ᠂ ᠨᠢᠭᠤᠷᠲᠠᠯ ᠪᠠ ᠲᠤᠳᠠᠭᠠᠯᠲᠠ ᠶᠢᠨ ᠲᠤᠬᠢᠶᠠᠯᠳᠤᠯ ᠳ᠋ᠤ ᠡᠮᠡᠭᠲᠡᠢᠴᠦᠳ ᠢ ᠡᠵᠡᠨ ᠪᠠᠢᠷᠢᠨ ᠳ᠋ᠤ ᠲᠠᠯᠪᠢᠵᠤ᠂ ᠡᠷᠡᠭᠲᠡᠢᠴᠦᠳ ᠤᠨᠬᠦᠪᠡᠭᠡ ᠵᠠᠭᠵᠢᠯ ᠪᠠ 《 ᠭᠡᠦᠭᠡᠨᠵᠢᠯ》 ᠤᠨ ᠰᠢᠨ᠎ᠠ ᠪᠠᠢᠳᠠᠯ ᠤᠷᠤᠰᠢᠬᠤ ᠵᠢ ᠢᠯᠡᠷᠡᠬᠦᠯᠡᠵᠢ. ᠭᠡᠬᠦ ᠳ᠋ᠡᠭᠡᠨ ᠡᠨᠡ ᠬᠦ ᠬᠤᠪᠢᠷᠠᠯᠲᠠ ᠨᠢ ᠡᠮᠡᠭᠲᠡᠢ ᠶᠢᠨ ᠡᠷᠭᠡ ᠶᠢᠨ ᠴᠢᠯᠦᠭᠡᠯᠡᠯᠲᠡ ᠶᠢᠨ ᠪᠡᠯᠭᠡ ᠡᠮᠳᠡᠭ ᠪᠢᠰᠢ ᠶᠣᠮ᠃ ᠡᠮᠡᠭᠲᠡᠢᠴᠦᠳ ᠤᠨ ᠲᠠᠪᠠᠭᠤᠯᠢᠭ ᠪᠠᠢᠷᠢ ᠵᠢ ᠡᠷᠡᠭᠲᠡᠢᠴᠦᠳ ᠤᠨ ᠬᠦᠪᠡᠭᠡ ᠵᠠᠭᠵᠢᠯ ᠡᠴᠡ ᠰᠢᠯᠲᠠᠭᠠᠯᠠᠭᠳᠠᠵᠤ᠂ ᠡᠷᠡᠭᠲᠡᠢᠴᠦᠳ ᠢ ᠤᠷᠤᠰᠢᠬᠤᠢ ᠶᠢᠨ ᠬᠦᠴᠢᠷᠲᠡᠯ ᠡᠴᠡ ᠠᠩᠬᠢ ᠵᠢᠷᠠᠭᠤᠯᠬᠤ ᠶᠢᠨ ᠲᠦᠯᠦᠭᠡ ᠭᠡᠳᠡᠭ ᠢ ᠲᠠᠨᠢᠬᠤ ᠬᠡᠷᠡᠭᠲᠡᠢ᠃ |
原文 |
查看原文
|
出自 |
内蒙古社会科学(蒙文版)
2019年
第3期
|