摘要 |
ᠬᠤᠷᠴᠢᠨ ᠠᠷᠠᠳ ᠤᠨ ᠦᠯᠢᠭᠡᠷᠲᠤ ᠲᠠᠭᠤᠤ ᠵᠢ ᠴᠤᠭᠯᠠᠭᠤᠯᠤᠨ ᠡᠮᠬᠢᠳᠭᠡᠬᠦ ᠪᠤᠯ ᠠᠷᠠᠳ ᠤᠨ ᠲᠠᠭᠤᠤ ᠶᠢᠨ ᠰᠣᠳᠤᠯᠭᠠᠨ ᠤ ᠰᠠᠭᠤᠷᠢ ᠠᠵᠢᠯ ᠮᠦᠷᠲᠡᠭᠡᠨ ᠰᠣᠳᠤᠯᠭᠠᠨ ᠳ᠋ᠤ ᠡᠯᠪᠡᠭ ᠪᠠᠶᠠᠯᠢᠭ ᠡᠬ ᠮᠠᠲ᠋ᠧᠷᠢᠶᠠᠯ ᠢ ᠬᠠᠩᠭᠠᠵᠤ᠂ ᠰᠣᠳᠤᠯᠭᠠᠨ ᠤ ᠴᠢᠠᠨᠷ ᠴᠢᠨᠠᠰᠠᠭ᠎ᠠ ᠵᠢ ᠲᠡᠭᠡᠭᠰᠢᠯᠡᠬᠦᠯᠬᠦ ᠳ᠋ᠤ ᠴᠢᠬᠤᠯᠠ ᠨᠦᠯᠦᠭᠡ ᠦᠢᠯᠡᠳᠦᠯ ᠦᠵᠡᠭᠦᠯᠳᠡᠭ ᠶᠣᠮ᠃ ᠬᠤᠷᠴᠨ ᠠᠷᠠᠳ ᠤᠨ ᠦᠯᠢᠭᠡᠷᠲᠤ ᠲᠠᠭᠤᠤ ᠵᠢ ᠤᠯᠤᠰ ᠤᠨ ᠲᠤᠳᠤᠭᠠᠲᠤ ᠭᠠᠳᠠᠭᠠᠲᠤ ᠳ᠋ᠤ ᠴᠤᠭᠯᠠᠭᠤᠯᠵᠤ ᠡᠮᠬᠢᠳᠭᠡᠭᠰᠡᠨᠪᠠᠢᠳᠠᠯ ᠢ ᠲᠦᠷᠦᠯᠵᠢᠭᠦᠯᠦᠨ ᠠᠩᠬᠢᠯᠠᠵᠤ᠂ ᠬᠤᠷᠴᠢᠨ ᠠᠷᠠᠳ ᠤᠨ ᠦᠯᠦᠭᠡᠷᠲᠤ ᠲᠠᠭᠤᠤ ᠪᠤᠶᠤ ᠮᠣᠩᠭᠤᠯ ᠠᠷᠠᠳ ᠤᠨ ᠲᠠᠭᠤᠤ ᠰᠣᠳᠤᠯᠤᠭᠠᠴᠢ ᠳ᠋ᠤ ᠶᠠᠮᠠᠷ ᠨᠢᠭᠡᠨ ᠰᠣᠳᠤᠯᠭᠠᠨ ᠤ ᠰᠤᠷᠠᠭ ᠵᠠᠩᠬᠢ ᠬᠠᠭᠠᠨᠵᠤ ᠦᠭᠬᠦ ᠨᠢ ᠮᠠᠰᠢ ᠴᠢᠬᠤᠯᠠ ᠡᠷᠳᠡᠮ ᠰᠢᠨᠵᠢᠯᠡᠭᠡᠨ ᠤ ᠠᠴᠢ ᠬᠤᠯᠪᠤᠭᠳᠠᠯ ᠲᠠᠢᠦᠢᠯᠡ ᠠᠵᠢᠯᠯᠠᠭ᠎ᠠ ᠮᠦᠨ᠃ |