论文信息


题名 ᠬᠠᠮ ᠵᠠᠭᠤᠴᠢᠯᠠᠭᠤᠷ ᠤᠨ ᠣᠷᠴᠢᠨ ᠳ᠋ᠤ ᠮᠣᠩᠭᠤᠯ ᠬᠡᠯᠡ ᠤ ᠰᠣᠨᠢᠨ ᠮᠡᠳᠡᠭᠡᠨ ᠤ ᠰᠤᠷᠭᠠᠨ ᠬᠦᠮᠦᠵᠢᠯ ᠤᠨ ᠬᠡᠯᠪᠡᠷᠢ ᠬᠤᠪᠢᠷᠠᠭᠤᠯᠤᠨ ᠬᠦᠭᠵᠢᠬᠦ ᠲᠤᠬᠠᠢ ᠦᠭᠦᠯᠡᠬᠦ ᠨᠢ
作者 ᠤᠯᠠᠭᠠᠨ; ᠸᠠᠩ ᠭᠤᠤ ᠠ
关键词 ᠬᠠᠮ ᠵᠠᠭᠤᠴᠢᠯᠠᠭᠤᠷ; ᠰᠣᠨᠢᠨ ᠮᠡᠳᠡᠭᠡᠨ ᠤ ᠰᠤᠷᠭᠠᠨᠬᠦᠮᠦᠵᠢᠯ; ᠰᠣᠨᠢᠨ ᠮᠡᠳᠡᠭᠡᠨ ᠤ ᠴᠢᠳᠠᠪᠤᠷᠢᠲᠠᠨ ᠢ ᠬᠦᠮᠦᠵᠢᠬᠦᠯᠬᠦ
摘要 ᠬᠠᠮ ᠵᠠᠭᠤᠴᠢᠯᠠᠭᠤᠷ ᠤᠨ ᠬᠦᠭᠵᠢᠯᠲᠡ ᠶᠢᠨ ᠠᠬᠢᠴᠠ ᠬᠦᠨᠵᠡᠭᠡᠢᠢᠷᠡᠬᠦ ᠵᠢ ᠲᠠᠭᠠᠯᠲᠤᠨ ᠰᠣᠨᠢᠨ ᠮᠡᠳᠭᠡᠨ ᠤ ᠴᠢᠳᠠᠪᠤᠷᠢᠲᠠᠨᠮ ᠳ᠋ᠤ ᠲᠠᠯᠬᠢᠬᠤ ᠱᠠᠭᠠᠷᠳᠠᠯᠭ᠎ᠠ ᠨᠢ ᠤᠯᠠᠮ ᠢᠢᠡᠷ ᠦᠨᠳᠦᠷᠵᠢᠨ᠂ ᠬᠠᠮᠵᠠᠭᠤᠴᠢᠯᠠᠭᠤᠷ ᠤᠨ ᠣᠷᠴᠢᠨ ᠳ᠋ᠤ ᠮᠣᠩᠭᠤᠯ ᠬᠡᠯᠡᠨ ᠤ ᠰᠣᠨᠢᠨ ᠮᠡᠳᠡᠭᠡᠨ ᠤ ᠵᠠᠭᠤᠴᠢᠯᠠᠭᠤᠷ ᠶᠠᠮᠠᠷ ᠴᠢᠳᠠᠪᠤᠷᠢᠲᠠᠨ ᠢ ᠭᠡᠷᠡᠭᠰᠡᠬᠦ᠂ ᠵᠢᠭᠠᠨ ᠰᠤᠷᠭᠠᠯᠲᠠ ᠶᠢᠨ ᠡᠬᠢ ᠰᠤᠷᠪᠤᠯᠵᠢ ᠵᠢ ᠬᠡᠷᠬᠢᠨ ᠨᠡᠢᠭᠡᠳᠭᠡᠬᠦ᠂ ᠦᠢᠯᠡᠳᠦᠯᠭᠡ ᠶᠢᠨ ᠦᠷ ᠠ ᠰᠠᠢᠭ ᠢ ᠶᠠᠭᠠᠬᠢᠵᠦ ᠲᠡᠭᠡᠭᠰᠢᠯᠡᠬᠦᠯᠬᠦ ᠵᠡᠷᠭᠡ ᠠᠰᠠᠭᠤᠳᠠᠯ ᠰᠢᠨ᠎ᠠ ᠪᠡᠷ ᠲᠤᠷᠠᠳᠤᠭᠲᠠᠭᠰᠠᠨ ᠶᠣᠮ᠃ ᠰᠢᠨ᠎ᠠ ᠠᠬᠤᠢ ᠪᠠᠢᠳᠠᠯ ᠳ᠋ᠤ ᠮᠣᠩᠭᠤᠯ ᠬᠡᠯᠡᠨ ᠤ ᠰᠣᠨᠢᠨ ᠮᠡᠳᠡᠭᠡᠨ ᠤ ᠰᠤᠷᠭᠠᠨᠬᠦᠮᠦᠵᠢᠯ ᠬᠡᠯᠪᠡᠷᠢ ᠬᠤᠪᠢᠷᠠᠭᠤᠯᠤᠨ ᠬᠦᠭᠵᠢᠬᠦ ᠳ᠋ᠤ ᠦᠵᠡᠯ ᠲᠠᠨᠢᠯᠲᠠ ᠪᠠᠨ ᠬᠤᠪᠢᠷᠠᠭᠤᠯᠵᠤ᠂ ᠲᠡᠷᠡᠴᠢᠯᠠᠨ ᠰᠣᠨᠢᠨ ᠮᠡᠳᠡᠭᠡᠯᠡᠯᠦᠢᠯᠡᠳᠦᠨ ᠪᠦᠦᠲᠭᠡᠬᠦ ᠰᠢᠨ᠎ᠠ ᠰᠡᠳᠬᠢᠬᠦᠢ ᠵᠢ ᠪᠤᠢ ᠪᠤᠯᠭᠠᠨ᠂ ᠰᠤᠷᠤᠭᠴᠢᠳ ᠤᠨ ᠮᠡᠳᠡᠯᠭᠡ ᠶᠢᠨ ᠪᠦᠲᠦᠴᠡ ᠵᠢ ᠰᠢᠯᠢᠳᠡᠭᠵᠢᠬᠦᠯᠦᠨ᠂ ᠮᠡᠷᠭᠡᠵᠢᠯ ᠤᠨ ᠪᠤᠯᠪᠠᠰᠤᠷᠠᠯ ᠢ ᠴᠢᠩᠭᠠᠳᠬᠠᠵᠤ᠂ ᠪᠤᠳᠠᠳᠠᠢ ᠰᠣᠨᠢᠨ ᠮᠡᠳᠡᠭᠡᠯᠡᠯ ᠤᠨ ᠠᠵᠢᠯ ᠮᠡᠷᠭᠡᠵᠢᠯ ᠢ ᠭᠠᠷᠲᠠᠨ ᠬᠢᠵᠦ ᠴᠢᠳᠠᠬᠤ ᠪᠤᠯᠭᠠᠪᠠᠯ ᠰᠠᠶᠢ ᠬᠠᠮ ᠵᠠᠭᠤᠴᠢᠯᠠᠭᠤᠷ  ᠤᠨ ᠬᠦᠭᠵᠢᠯᠲᠡ ᠲᠠᠢ ᠵᠤᠬᠢᠴᠠᠵᠤ ᠴᠢᠳᠠᠨ᠎ᠠ᠃
原文 没有原文
出自 蒙古学研究 2017年 第2期

联系我们


内蒙古大学图书馆
呼和浩特市大学西路235号
中国·内蒙古
P: (0471) 4992561
E: huangfeilong@imu.edu.cn