题名 |
ᠬᠤᠭᠤᠷᠴᠢ ᠶᠢᠨ ᠦᠯᠢᠭᠡᠷ ᠬᠡᠯᠡᠬᠦ ᠤᠷ ᠠ ᠴᠢᠳᠠᠪᠤᠷᠢ ᠶᠢᠨ ᠲᠤᠬᠠᠢ ᠲᠤᠷᠰᠢᠨ ᠦᠭᠦᠯᠡᠬᠦ ᠨᠢ-ᠪᠠᠭ᠎ᠠ ᠪᠦᠷᠢᠨᠪᠠᠶᠠᠷ ᠬᠤᠭᠤᠷᠴᠢ ᠶᠢᠨ ᠬᠡᠯᠡᠭᠰᠡᠨ 《 ᠰᠢᠷᠡᠭᠡᠲᠦ ᠬᠦᠷᠢᠶ ᠠ》 ᠭᠡᠬᠦ ᠬᠤᠭᠤᠷ ᠤᠨ ᠦᠯᠢᠭᠡᠷ ᠤᠨ ᠵᠢᠱᠢᠶᠡᠨ ᠲᠡᠭᠡᠷ ᠠ |
作者 |
ᠨᠠᠷᠠᠰᠤ |
关键词 |
ᠬᠤᠭᠤᠷᠴᠢ; ᠦᠯᠢᠭᠡᠷ ᠬᠡᠯᠡᠬᠦ ᠤᠷ ᠠ ᠴᠢᠳᠠᠪᠤᠷᠢ; 《 ᠰᠢᠷᠡᠭᠡᠲᠦ ᠬᠦᠷᠢᠶ ᠠ》 |
摘要 |
ᠪᠠᠭ᠎ᠠ ᠪᠦᠷᠢᠨᠪᠠᠶᠠᠷ ᠡᠴᠡ ᠬᠦᠷᠢᠶ ᠠ ᠬᠤᠰᠢᠭᠤᠨ ᠤ ᠡᠭᠦᠰᠦᠯ ᠤᠨ ᠲᠤᠬᠠᠢ ᠲᠤᠮᠤᠭ ᠶᠠᠷᠢᠶ ᠠ ᠵᠢ 《 ᠰᠢᠷᠡᠭᠡᠲᠦ ᠬᠦᠷᠢᠶ ᠠ《 ᠬᠡᠮᠡᠬᠦ ᠬᠤᠭᠤᠷ ᠤᠨ ᠦᠯᠢᠭᠡᠷ ᠪᠤᠯᠭᠠᠨ ᠵᠠᠬᠢᠶᠠᠮᠵᠢᠯᠠᠨ ᠬᠡᠯᠡᠬᠦ ᠳ᠋ᠤ ᠪᠠᠨ ᠲᠤᠮᠤᠭ ᠶᠠᠷᠢᠶ ᠠ ᠶᠢᠨ ᠦᠨᠳᠦᠰᠦᠨ ᠦᠢᠯᠡ ᠶᠠᠪᠤᠳᠠᠯ ᠤᠨ ᠰᠠᠭᠤᠷᠢᠨ ᠳ᠋ᠤ ᠵᠠᠷᠢᠮ ᠵᠦᠢᠯ ᠳ᠋ᠤ ᠨᠡᠮᠡᠯᠲᠡ ᠪᠤᠶᠤ ᠦᠬᠡᠷᠴᠢᠯᠠᠯᠲᠠ ᠬᠢᠭᠰᠡᠨ ᠢᠢᠡᠷ ᠲᠤᠮᠤᠭ ᠶᠠᠷᠢᠶ ᠠ ᠶᠢᠨ ᠦᠢᠯᠡ ᠶᠠᠪᠤᠳᠠᠯ ᠨᠢ ᠨᠡᠩ ᠲᠦᠷᠦᠰᠯᠢᠭ᠂ ᠤᠷᠠᠨ ᠲᠦᠷᠢ ᠨᠢ ᠨᠡᠩ ᠠᠮᠢᠳᠤᠯᠢᠭ᠂ ᠬᠡᠯᠡ ᠬᠡᠯᠡᠯᠭᠡ ᠨᠢ ᠨᠡᠩᠪᠠᠶᠠᠯᠢᠭ ᠪᠤᠯᠤᠭᠰᠠᠨ ᠢᠢᠡᠷ ᠲᠤᠮᠤᠭ ᠶᠠᠷᠢᠶ ᠠ ᠶᠢᠨ ᠲᠠᠢᠯᠪᠤᠷᠢᠯᠠᠬᠤ ᠰᠢᠨᠵᠢ ᠪᠠ ᠦᠨᠡᠮᠰᠢᠬᠦᠯᠬᠦ ᠰᠢᠨᠵᠢ ᠨᠢ ᠰᠤᠯᠠᠷᠠᠭᠠᠳ᠂《 ᠲᠦᠷᠦᠰᠦᠯᠢᠭ ᠰᠢᠨᠵᠢ》ᠪᠠ 《ᠵᠤᠭ ᠠ ᠴᠡᠩᠭᠡᠯ ᠤᠨ ᠰᠢᠨᠵᠢ》 ᠨᠢ ᠲᠤᠪᠤᠢᠮ ᠠ ᠪᠤᠯᠤᠭᠰᠠᠨ ᠪᠠᠢᠨ᠎ᠠ᠃ ᠡᠭᠦᠨ ᠡᠴᠡ ᠦᠵᠡᠪᠡᠯ᠂ ᠬᠤᠭᠤᠷᠴᠢ ᠨᠠᠷ ᠪᠤᠰᠤᠳ ᠲᠦᠷᠦᠯ ᠤᠨ ᠠᠮᠠᠨ ᠵᠣᠬᠢᠶᠠᠯ ᠢ ᠬᠤᠭᠤᠷ ᠤᠨ ᠦᠯᠢᠭᠡᠷ ᠪᠤᠯᠭᠠᠨ ᠬᠡᠯᠡᠬᠦ ᠳ᠋ᠤ ᠪᠠᠨ ᠦᠯᠢᠭᠡᠷ ᠦᠢᠯᠡ ᠶᠠᠪᠤᠳᠠᠯ ᠤᠨᠨᠠᠷᠢᠨ ᠵᠦᠢᠯᠡᠰ ᠢ ᠲᠡᠯᠭᠡᠷᠡᠬᠦᠯᠦᠨ ᠵᠠᠣᠬᠢᠶᠠᠮᠵᠢᠯᠠᠵᠤ᠂ ᠤᠷᠠᠨ ᠲᠦᠷᠢ ᠵᠢ ᠨᠡᠩ ᠪᠤᠳᠠᠲᠠᠢᠵᠢᠭᠤᠯᠤᠨ ᠰᠤᠭᠤᠨ ᠪᠦᠲᠦᠭᠡᠳᠡᠭ ᠮᠦᠷᠲᠡᠭᠡᠨ ᠤᠷᠠᠨ ᠪᠠᠶᠠᠯᠢᠭ ᠬᠡᠯᠡ ᠬᠡᠯᠡᠯᠭᠡ ᠲᠠᠢ ᠪᠡᠷ᠂ ᠲᠦᠪᠡᠨ ᠤᠲᠠᠰᠤᠲᠠ ᠬᠤᠭᠤᠷ ᠤᠨ ᠠᠶ ᠠ ᠲᠡᠭᠡᠷ ᠠ ᠰᠢᠯᠦᠭᠯᠡᠬᠦ ᠪᠠ ᠬᠦᠦᠷᠨᠢᠬᠦ ᠵᠢ ᠤᠶᠠᠯᠳᠤᠭᠤᠯᠤᠨ ᠬᠤᠭᠤᠷᠲᠠᠨ ᠬᠡᠯᠡᠳᠡᠭ ᠪᠠᠢᠨ᠎ᠠ᠃ |
原文 |
没有原文
|
出自 |
蒙古学研究
2017年
第2期
|