摘要 |
ᠦᠭᠦᠯᠡᠯ ᠳ᠋ᠤ19ᠳ᠋ᠤᠭᠡᠷ ᠵᠠᠭᠤᠨ ᠤ ᠤᠷᠤᠰ᠂ ᠠᠩᠯᠢ ᠪᠤᠯᠤᠨ ᠮᠣᠩᠭᠤᠯ ᠤᠨ ᠱᠠᠰᠢᠨ ᠲᠡᠯᠭᠡᠷᠡᠭᠦᠯᠦᠭᠴᠢ ᠬᠢᠭᠡᠳ ᠯᠠᠮᠠ ᠨᠠᠷ ᠤᠨ ᠡᠾᠷᠢᠰᠲ᠋ᠤᠰ ᠤᠨ ᠱᠠᠰᠢᠨ ᠤ 《 ᠠᠷᠢᠭᠤᠨ ᠨᠣᠮ》 ᠢ ᠮᠣᠩᠭᠤᠯᠴᠢᠯᠠᠭᠰᠠᠨ ᠢ ᠰᠡᠳᠦᠪᠴᠢᠯᠠᠨ ᠠᠪᠴᠤ ᠦᠵᠡᠨ ᠭᠤᠤᠯᠳᠠᠭᠤ ᠠᠩᠯᠢ ᠶᠢᠨ ᠨᠡᠷᠡᠲᠦ ᠮᠣᠩᠭᠤᠯᠴᠢ ᠡᠷᠳᠡᠮᠲᠡᠨ ᠴᠾᠷᠯᠸᠰ᠂ ᠷ᠂ᠪᠠᠳᠳᠧᠠᠪ ᠪᠦᠲᠦᠭᠡᠯ ᠢᠢᠡᠷ ᠰᠠᠭᠤᠷᠢᠯᠠᠭᠤᠯᠤᠨ《 ᠠᠷᠢᠭᠤᠨ ᠨᠣᠮ》 ᠤᠨ ᠮᠣᠩᠭᠤᠯᠴᠢᠯᠠᠭᠠ ᠶᠢᠨ ᠤᠷᠴᠢᠭᠤᠯᠭ᠎ᠠ ᠶᠢᠨ ᠦᠩᠭᠡᠷᠡᠯᠲᠡ ᠵᠢ ᠲᠤᠭᠠᠴᠢᠭᠠᠳᠮ ᠠᠮᠧᠷᠢᠺᠠ ᠶᠢᠨ ᠬᠠᠷᠸᠠᠷᠳ᠋ ᠶᠡᠬᠡ ᠰᠤᠷᠭᠠᠭᠤᠯᠢ ᠶᠢᠨ ᠬᠠᠳᠠᠭᠠᠮᠠᠯᠵᠢ ᠳ᠋ᠤ ᠲᠦᠰᠢᠭᠯᠡᠨ ᠬᠡᠪᠯᠡᠭᠳᠡᠬᠦᠨ ᠤ ᠪᠠᠢᠳᠠᠯ ᠢ ᠨᠢ ᠦᠭᠦᠯᠡᠭᠰᠡᠨ ᠪᠤᠯᠤᠨ᠎ᠠ᠃ 19ᠳ᠋ᠤᠭᠡᠷ ᠵᠠᠭᠤᠨ ᠤ 《 ᠠᠷᠢᠭᠤᠨ ᠨᠤᠮ》 ᠤᠨ ᠮᠣᠩᠭᠤᠯᠴᠢᠯᠠᠭᠠ ᠮᠣᠩᠭᠤᠯ ᠤᠨ ᠣᠷᠴᠢᠭᠤᠯᠭ᠎ᠠ ᠶᠢᠨ ᠲᠡᠦᠭᠡᠨ ᠱᠠᠰᠢᠨ ᠤ ᠲᠡᠦᠭᠡᠨ ᠪᠤᠯᠤᠨ ᠬᠡᠪᠯᠡᠯ ᠤᠨ ᠮᠡᠷᠭᠡᠵᠢᠯ ᠤᠨ ᠭᠦᠭᠵᠢᠯ ᠳ᠋ᠤ ᠬᠦᠨᠲᠦ ᠴᠢᠬᠤᠯᠠ ᠠᠴᠢ ᠬᠤᠯᠪᠤᠭᠳᠠᠯ ᠲᠠᠢ ᠪᠤᠯᠬᠤ ᠵᠢ ᠵᠢᠭᠠᠨ ᠭᠠᠷᠭᠠᠭᠰᠠᠨ ᠪᠠᠢᠨ᠎ᠠ᠃ |