题名 |
ᠨᠠᠰᠤᠲᠠᠶᠢᠴᠤᠳ ᠤᠨ ᠪᠡᠶ᠎ᠡ ᠲᠠᠮᠢᠷ ᠤᠨ ᠬᠦᠳᠡᠯᠭᠡᠭᠡᠨ ᠦ ᠨᠡᠶᠢᠭᠡᠮ ᠦᠨ ᠬᠦᠭ᠍ᠵᠢᠯᠲᠡ ᠳᠡᠬᠢ ᠠᠴᠢ ᠬᠤᠯᠪᠤᠭᠳᠠᠯ |
作者 |
ᠵᠤᠤ ᠭᠡᠷᠡᠯᠲᠦ |
关键词 |
ᠨᠠᠰᠤᠲᠠᠶᠢᠴᠤᠳ; ᠪᠡᠶ᠎ᠡ ᠲᠠᠮᠢᠷ; ᠠᠴᠢ ᠬᠤᠯᠪᠤᠭᠳᠠᠯ |
摘要 |
ᠡᠮ ᠡᠮᠨᠡᠯᠭᠡ᠂ ᠡᠷᠡᠭᠦ ᠬᠠᠮᠠᠭᠠᠯᠠᠯ ᠤᠨ ᠦᠢᠯᠡᠰ ᠪᠤᠯᠤᠨ ᠠᠵᠤ ᠠᠬᠤᠢ ᠶᠢᠨ ᠬᠦᠭ᠍ᠵᠢᠯᠲᠡ ᠪᠡ ᠬᠦᠮᠦᠨ ᠠᠮᠠ ᠶᠢᠨ ᠨᠡᠮᠡᠭᠳᠡᠯᠲᠡ ᠶᠢ ᠳᠠᠭᠠᠯᠳᠤᠨ᠂ ᠨᠠᠰᠤᠲᠠᠶᠢᠴᠤᠳ ᠤᠨ ᠲᠤᠭ᠎ᠠ ᠤᠯᠠᠮ ᠢᠶᠠᠷ ᠨᠡᠮᠡᠭᠳᠡᠵᠦ ᠪᠠᠶᠢᠨ᠎ᠠ᠃ ᠡᠨᠡ ᠨᠢ ᠤᠳᠤ ᠶᠢᠨ ᠨᠡᠶᠢᠭᠡᠮ ᠦᠨ ᠬᠦᠮᠦᠨ ᠠᠮᠠ ᠶᠢᠨ ᠬᠦᠭ᠍ᠵᠢᠬᠦ ᠶᠢᠨ ᠴᠢᠬᠤᠯᠠ ᠬᠠᠨᠳᠤᠰᠢ ᠶᠢᠨ ᠨᠢᠭᠡ ᠨᠢ ᠪᠤᠯᠤᠭᠰᠠᠨ ᠪᠦᠭᠡᠳ ᠳᠡᠯᠡᠬᠡᠢ ᠳᠦ ᠲᠤᠯᠭᠠᠷᠠᠵᠤ ᠪᠠᠶᠢᠭ᠎ᠠ ᠴᠢᠬᠤᠯᠠ ᠨᠢᠭᠡᠨ ᠨᠡᠶᠢᠭᠡᠮ ᠦᠨ ᠠᠰᠠᠭᠤᠳᠠᠯ ᠪᠤᠯᠤᠨ᠎ᠠ᠃ ᠵᠤᠬᠢᠶᠠᠭᠴᠢ ᠪᠠᠷ ᠡᠳᠡᠭᠡᠷ ᠠᠰᠠᠭᠤᠳᠠᠯ ᠳᠤ ᠴᠢᠭᠯᠡᠭᠦᠯᠦᠨ ᠨᠠᠰᠤᠲᠠᠶᠢᠴᠤᠳ ᠡᠷᠬᠡᠪᠰᠢ ᠡᠯ᠎ᠡ ᠵᠤᠶᠢᠯ ᠤᠨ ᠪᠡᠶ᠎ᠡ ᠲᠠᠮᠢᠷ ᠤᠨ ᠬᠦᠳᠡᠯᠭᠡᠭᠡᠨ ᠳᠦ ᠢᠳᠡᠪᠬᠢᠲᠡᠢ ᠤᠷᠤᠯᠴᠠᠵᠤ᠂ ᠡᠷᠡᠭᠦ ᠴᠢᠬᠢᠷᠠᠭ ᠦᠳᠡᠯᠵᠦ᠂ ᠰᠡᠳᠬᠢᠴᠡ ᠪᠡ ᠹᠢᠴᠢᠤᠯᠬᠢ᠂ ᠪᠡᠶ᠎ᠡ ᠴᠤᠭᠴᠠᠰ ᠡᠷᠡᠭᠦᠯ ᠬᠢᠭᠢᠷᠠᠭ ᠪᠤᠯ ᠰᠠᠶᠢ ᠨᠡᠶᠢᠭᠡᠮ ᠪᠡ ᠭᠡᠷ ᠦᠨ ᠳᠠᠷᠤᠭᠠᠰᠤ ᠶᠢ ᠬᠦᠩᠭᠡᠯᠡᠵᠦ᠂ ᠨᠠᠰᠤᠵᠢᠭᠰᠠᠨ ᠦᠶ᠎ᠡ ᠪᠡᠨ ᠵᠤᠯ ᠵᠢᠷᠭᠠᠯ ᠲᠠᠢ ᠦᠩᠭᠡᠷᠡᠭᠡᠬᠦ ᠨᠡᠶᠢᠭᠡᠮ ᠦᠨ ᠠᠴᠢ ᠬᠤᠯᠪᠤᠭᠳᠠᠯ ᠢ ᠦᠭᠦᠯᠡᠨ ᠲᠤᠭᠠᠴᠢᠭᠰᠠᠨ ᠤ ᠰᠠᠭᠤᠷᠢ ᠳᠡᠭᠡᠷ᠎ᠡ᠂ ᠨᠠᠰᠤᠲᠠᠶᠢᠴᠤᠳ ᠤᠨ ᠪᠡᠶ᠎ᠡ ᠲᠠᠮᠢᠷ ᠤᠨ ᠬᠦᠳᠡᠯᠭᠡᠭᠡᠨ ᠢ ᠬᠡᠷᠬᠢᠨ ᠦᠷᠨᠢᠭᠦᠯᠬᠦ ᠲᠤᠬᠠᠢ ᠬᠡᠳᠦᠨ ᠵᠤᠶᠢᠯ ᠤᠨ ᠠᠷᠭ᠎ᠠ ᠠᠪᠴᠠᠯ ᠢ ᠳᠤᠷᠠᠳᠤᠨ ᠭᠠᠷᠭᠠᠭᠰᠠᠨ ᠪᠠᠶᠢᠨ᠎ᠠ᠃ |
原文 |
查看原文
|
出自 |
内蒙古民族大学学报(自然科学)
2008年
第2期
|