论文信息


题名 ᠬᠤᠭᠤᠷ ᠤᠨ ᠦᠯᠢᠭᠡᠷ ᠲᠡᠬᠢ ᠬᠢᠲᠠᠳ ᠤᠨ ᠡᠷᠲᠡᠨ ᠤ ᠰᠤᠩᠭᠤᠳᠠᠭ ᠶᠠᠷᠢᠶᠠᠴᠢᠯᠠᠭᠰᠠᠨ ᠷᠤᠮᠠᠨ ᠤ ᠤᠯᠠᠮᠵᠢᠯᠠᠭ᠎ᠠ ᠬᠢᠭᠡᠳ ᠲᠠᠬᠢᠨ ᠵᠤᠬᠢᠶᠠᠭᠳᠠᠭᠰᠠᠨ ᠲᠤᠬᠠᠢ ᠰᠢᠨᠵᠢᠯᠡᠯ᠎- ᠬᠤᠭᠤᠷ ᠤᠨ ᠦᠯᠢᠭᠡᠷ 《 ᠵᠤᠤ ᠱᠠᠨ ᠲᠦᠩ》  ᠤᠨ ᠵᠢᠱᠢᠶᠡᠨ ᠲᠡᠭᠡᠷ ᠠ
作者 ᠫ᠂ ᠠᠨᠠᠪᠠᠳ
关键词 ᠬᠤᠭᠤᠷ ᠤᠨ ᠦᠯᠢᠭᠡᠷ; ᠬᠢᠲᠠᠳ ᠤᠨ ᠡᠷᠳᠡᠨ ᠤ ᠰᠤᠩᠭᠤᠳᠠᠭ ᠶᠠᠷᠢᠶᠠᠴᠢᠯᠠᠭᠰᠠᠨ ᠷᠤᠮᠠᠨ; ᠤᠯᠠᠮᠵᠢᠯᠠᠭ᠎ᠠ
摘要 ᠴᠢᠩ ᠤᠯᠤᠰ ᠤᠨ ᠲᠤᠮᠳᠠᠴᠢ ᠰᠡᠭᠦᠯᠴᠢ ᠶᠢᠨ ᠦᠶ ᠠ ᠡᠴᠡ ᠲᠤᠳᠤᠷ ᠭᠠᠵᠠᠷ ᠤᠨᠬᠢᠲᠠᠳ ᠢᠷᠭᠡᠨ ᠮᠣᠩᠭᠤᠯ ᠤᠷᠤᠨ ᠳ᠋ᠤ ᠶᠡᠬᠡ ᠭᠡᠮᠵᠢᠶ ᠠ ᠪᠡᠷ ᠴᠠᠭᠠᠴᠢᠯᠠᠨ ᠢᠷᠡᠵᠦ ᠰᠠᠭᠤᠷᠢᠰᠢᠬᠤ ᠵᠢ ᠲᠠᠭᠠᠯᠲᠤᠨ᠂ ᠬᠢᠲᠠᠳ ᠤᠨ ᠡᠷᠲᠡᠨ ᠤ ᠰᠤᠩᠭᠤᠳᠠᠭ ᠶᠠᠷᠢᠶᠠᠴᠢᠯᠠᠭᠰᠠᠨ ᠷᠤᠮᠠᠨ(ᠲᠤᠤᠷ ᠠ《 ᠶᠠᠷᠢᠶᠠᠴᠢᠯᠠᠭᠰᠠᠨ ᠷᠤᠮᠠᠨ》 ᠭᠡᠵᠦ ᠲᠤᠪᠴᠢᠯᠠᠨ᠎ᠠ)ᠴᠦ ᠮᠣᠩᠭᠤᠯ ᠤᠷᠤᠨ ᠳ᠋ᠤ ᠤᠯᠠᠮᠵᠢᠯᠠᠭᠳᠠᠨ ᠲᠡᠯᠭᠡᠷᠡᠪᠡ᠃ ᠤᠯᠠᠮᠵᠢᠯᠠᠭ᠎ᠠ ᠶᠢᠨ ᠠᠷᠭ᠎ᠠ ᠬᠡᠯᠪᠡᠷᠢ ᠶᠢᠨ ᠬᠤᠪᠢ ᠳ᠋ᠤ᠂ ᠲᠤᠬᠠᠢ ᠶᠢᠨ ᠦᠶ ᠠ ᠶᠢᠨ ᠮᠣᠩᠭᠤᠯ ᠤᠷᠤᠨ ᠳ᠋ᠤ ᠦᠷᠨᠢᠨ ᠭᠦᠭᠵᠢᠭᠰᠡᠨ ᠬᠤᠭᠤᠷ ᠤᠨ ᠦᠯᠢᠭᠡᠷ ᠨᠢ ᠶᠠᠷᠢᠶᠠᠴᠢᠯᠠᠭᠰᠠᠨ ᠷᠤᠮᠠᠨ ᠤ ᠭᠤᠤᠯ ᠤᠯᠠᠮᠵᠢᠯᠠᠭ᠎ᠠ ᠶᠢᠨ ᠠᠷᠭ᠎ᠠ ᠪᠠᠷᠢᠯ ᠪᠤᠯᠵᠤ ᠪᠠᠢᠪᠠ᠃ ᠦᠭᠦᠯᠡᠯ ᠳ᠋ᠤ ᠬᠤᠭᠤᠷ ᠤᠨ ᠦᠯᠢᠭᠡᠷ《 ᠶᠤᠤ ᠱᠠᠨ ᠲᠦᠩ》 ᠤᠨ ᠵᠢᠱᠢᠶᠡᠨᠮ ᠲᠡᠭᠡᠷ ᠠ ᠶᠠᠷᠢᠶᠠᠴᠢᠯᠠᠭᠰᠠᠨ ᠷᠤᠮᠠᠨ ᠤ ᠬᠤᠭᠤᠷ ᠤᠨ ᠦᠯᠢᠭᠡᠷᠡ ᠲᠡᠬᠢ ᠤᠯᠠᠮᠵᠢᠯᠠᠭ᠎ᠠ ᠬᠢᠭᠡᠳ ᠲᠠᠬᠢᠨ ᠵᠣᠬᠢᠶᠠᠭᠳᠠᠭᠰᠠᠨ ᠶᠠᠪᠤᠴᠠ ᠵᠢ ᠵᠠᠳᠠᠯᠤᠨ ᠰᠢᠨᠵᠢᠯᠡᠬᠦ ᠵᠢ ᠵᠤᠷᠢᠪᠠ᠃ ᠬᠤᠭᠤᠷ ᠤᠨ ᠦᠯᠢᠭᠡᠷ《 ᠶᠤᠤ ᠱᠠᠨ ᠲᠦᠩ》 ᠪᠤᠯ ᠶᠠᠷᠢᠶᠠᠴᠢᠯᠠᠭᠰᠠᠨ ᠷᠤᠮᠠᠨ ᠪᠤᠯᠬᠤ《 ᠵᠡᠬᠦᠨ ᠬᠠᠨ ᠤᠯᠤᠯᠰ ᠤᠨ ᠦᠯᠢᠭᠡᠷ》 ᠤᠨ ᠮᠣᠩᠭᠤᠯ ᠠᠮᠠᠨ ᠤᠯᠠᠮᠵᠢᠯᠠᠭ᠎ᠠ ᠶᠢᠨ ᠪᠦᠲᠦᠭᠡᠯ ᠪᠤᠯᠤᠨ᠎ᠠ᠃ ᠲᠤᠰ ᠦᠯᠢᠭᠡᠷ ᠨᠢ ᠦᠯᠢᠭᠡᠷ ᠤᠨ ᠲᠦᠷᠦᠯ ᠬᠡᠯᠪᠡᠷᠢ᠂ ᠬᠦᠮᠦᠨ ᠤ ᠲᠦᠷᠢ᠂ ᠦᠯᠢᠭᠡᠷ ᠤᠨ ᠦᠢᠯᠡ ᠶᠠᠪᠤᠳᠠᠯ ᠵᠡᠷᠭᠡ ᠲᠠᠯ ᠠ ᠶᠢ ᠬᠤᠪᠢ ᠳ᠋ᠤ ᠶᠠᠷᠢᠶᠠᠴᠢᠯᠠᠭᠰᠠᠨ ᠷᠤᠮᠠᠨ ᠤ ᠮᠠᠰᠢ ᠤᠯᠠᠨ ᠰᠤᠩᠭᠤᠳᠠᠭ ᠵᠦᠢᠯ ᠢ ᠰᠢᠩᠭᠡᠭᠡᠨ ᠠᠪᠴᠤ ᠲᠠᠬᠢᠨ ᠵᠣᠬᠢᠶᠠᠯ ᠪᠦᠲᠦᠭᠡᠭᠰᠡᠨ ᠤᠷᠠᠯᠢᠭ ᠤᠨ ᠪᠦᠲᠦᠭᠡᠯ ᠪᠤᠯᠬᠤ ᠶᠣᠮ᠃
原文 查看原文
出自 内蒙古社会科学(蒙文版) 2019年 第1期

联系我们


内蒙古大学图书馆
呼和浩特市大学西路235号
中国·内蒙古
P: (0471) 4992561
E: huangfeilong@imu.edu.cn