| 题名 | 
                ᠳᠡᠭᠡᠲᠤ ᠮᠣᠩᠭ᠋ᠣᠯᠴᠤᠳ ᠪᠤᠳ᠋ᠳ᠋ᠾᠨ ᠶᠢᠨ ᠱᠠᠰᠢᠨ ᠦ ᠨᠤᠮ ᠤᠨ ᠰᠠᠭᠢᠭᠤᠰᠤ ᠶᠢ ᠢᠷᠭᠡᠨᠰᠢᠭᠦᠯᠦᠭᠰᠡᠨ ᠰᠢᠯᠳᠠᠭᠠᠨ | 
            
            
                | 作者 | 
                ᠮᠤ᠂ ᠴᠸᠩ ᠬᠤᠸᠠ | 
            
            
                | 关键词 | 
                ᠳᠡᠭᠡᠲᠤ ᠮᠣᠩᠭ᠋ᠣᠯᠴᠤᠳ ; ᠨᠤᠮ ᠤᠨ ᠰᠠᠭᠢᠭᠤᠰᠤ ; ᠢᠷᠭᠡᠨᠰᠢᠯ | 
            
            
                | 摘要 | 
                ᠳᠡᠭᠡᠲᠤ ᠮᠣᠩᠭ᠋ᠣᠯᠴᠤᠳ ᠤᠨ ᠳᠠᠬᠢᠯᠭᠠ ᠶᠢᠨ ᠶᠤᠰᠤᠨ ᠳᠤ ᠭᠡᠷ ᠤᠨ ᠰᠠᠬᠢᠭᠤᠰᠤ ᠳᠠᠬᠢᠬᠤ ᠶᠤᠰᠤᠨ ᠭᠡᠵᠦ ᠪᠤᠢ᠃ ᠳᠡᠳᠡᠨ ᠦ ᠳᠠᠬᠢᠵᠦ ᠪᠠᠢ᠌ᠭᠠ ᠭᠡᠷ ᠤᠨ ᠰᠠᠬᠢᠭᠤᠰᠤ ᠨᠢ ᠳᠠᠷᠤᠢ ᠶᠠᠮᠬᠠᠷᠡᠺᠡ᠂ ᠴᠤᠢ᠌ᠷᠵᠢᠯ᠂ ᠮᠡᠾᠡᠺᠡᠯᠡ᠂ᠨᠠᠮᠰᠠᠷᠠᠢ᠂ ᠪᠠᠯᠳᠠᠨᠯᠾᠡᠮᠦ᠂ ᠲᠠᠪᠤᠨ ᠬᠠᠨ ᠵᠡᠷᠭᠡ  ᠪᠤᠳ᠋ᠳ᠋ᠾᠨ ᠶᠢᠨ ᠱᠠᠰᠢᠨ ᠦ ᠢᠳᠡᠮ ᠪᠤᠷᠬᠠᠨ᠂ ᠴᠤᠢ᠌ᠵᠤᠩ ᠤᠨ ᠰᠠᠬᠢᠭᠤᠯᠰᠤᠨ ᠡᠴᠡ ᠤᠯᠠᠷᠢᠵᠦ ᠢᠷᠡᠭᠰᠡᠨ ᠪᠤᠯᠬᠤ ᠶᠤᠮ᠃ ᠳᠡᠭᠡᠲᠤ ᠮᠣᠩᠭ᠋ᠣᠯᠴᠤᠳ ᠪᠤᠳ᠋ᠳ᠋ᠾᠨ ᠶᠢᠨ ᠱᠠᠰᠢᠨ ᠦ ᠨᠤᠮ ᠤᠨ ᠰᠠᠭᠢᠭᠤᠰᠤ ᠶᠢ ᠭᠡᠷ ᠤᠨ ᠰᠠᠬᠢᠭᠤᠰᠤ ᠪᠠᠯᠭᠠᠵᠤ ᠳᠠᠬᠢᠭᠰᠠᠨ ᠨᠢ ᠨᠡᠢ᠌ᠭᠡᠮ ᠂ ᠬᠠᠷᠢ ᠰᠤᠶᠤᠯ ᠤᠨ ᠨᠦᠯᠦᠭᠡᠯᠡᠯ ᠡᠴᠡ ᠪᠤᠯᠤᠭᠰᠠᠨ ᠪᠦᠭᠡᠳ ᠪᠠᠰᠠᠴᠤ ᠡᠳᠡᠭᠡᠷ ᠰᠠᠬᠢᠭᠤᠰᠤ ᠶᠢ ᠲᠤᠰᠬᠠᠢ᠌ᠯᠠᠨ ᠦᠢᠯᠡᠳᠦᠯ ᠴᠢᠳᠡᠪᠬᠢ ᠲᠠᠢ ᠭᠡᠵᠦ ᠤᠬᠠᠭᠠᠨ ᠦᠪᠡᠷ ᠤᠨ ᠪᠡᠶ ᠡ ᠶᠢᠨ ᠦᠮᠦᠭᠯᠡᠭᠴᠢ ᠬᠠᠮᠠᠭᠠᠯᠠᠭᠴᠢ ᠪᠤᠯᠭᠠᠨ ᠰᠠᠬᠢᠭᠤᠰᠤ ᠶᠢᠨ ᠠᠪᠤᠷᠠᠯ ᠳᠤ ᠪᠠᠭᠳᠠᠬᠤ ᠵᠤᠷᠢᠯᠭᠠ ᠡᠴᠡ ᠪᠤᠳ᠋ᠳ᠋ᠾᠨ ᠶᠢᠨ ᠱᠠᠰᠢᠨ ᠦ ᠨᠤᠮ ᠤᠨ ᠰᠠᠭᠢᠭᠤᠰᠤ ᠨᠤᠭᠤᠳ ᠢ ᠭᠡᠷ ᠤᠨ ᠰᠠᠬᠢᠭᠤᠰᠤ ᠪᠤᠯᠭᠠᠵᠤ ᠢᠷᠭᠡᠨᠰᠢᠭᠦᠯᠦᠭᠡᠳ ᠂ ᠳᠠᠬᠢᠯᠭᠠ ᠶᠢᠨ ᠲᠠᠯ ᠠ ᠪᠡᠷ ᠦᠪᠡᠷᠮᠢᠴᠡ ᠤᠨᠴᠠᠯᠢᠭ ᠪᠦᠬᠦᠢ ᠰᠢᠳᠦᠯᠭᠡ ᠶᠢᠨ ᠰᠤᠶᠤᠯ ᠢ ᠪᠤᠢ ᠪᠤᠯᠭᠠᠵᠠᠢ᠃ | 
            
            
                | 原文 | 
                
                    
                    查看原文
                    
                 | 
            
          
            | 出自 | 
            
              内蒙古社会科学(蒙文版)
              2008年
               第2期
             |