摘要 |
ᠦᠩᠭᠡᠷᠡᠭᠰᠡᠨ ᠳᠤ ᠬᠤᠷᠴᠢᠨᠴᠤᠳ ᠤᠨ ᠬᠦᠮᠦᠨ ᠦ ᠠᠮᠢ ᠨᠠᠰᠤᠨ ᠦ ᠲᠤᠬᠠᠢ ᠪᠠᠯᠠᠷᠯᠢᠭ ᠳᠠᠨᠢᠯᠲᠠ ᠬᠢᠭᠡᠳ《ᠵᠠᠭᠤ》ᠬᠡᠳᠡᠭ ᠲᠤᠭᠠᠨ ᠦ ᠲᠤᠬᠠᠢ ᠳᠠᠨᠢᠯᠳᠠ ᠲᠠᠢ ᠬᠤᠯᠪᠤᠭᠳᠠᠨ᠎ᠠ᠃ ᠳᠡᠳᠡ ᠬᠦᠮᠦᠨ ᠦ ᠤᠷᠲᠤ ᠨᠠᠰᠤᠯᠠᠬᠤ ᠠᠮᠢ ᠨᠠᠰᠤᠨ ᠦ ᠨᠢᠭᠤᠴᠠ ᠶᠢ ᠰᠢᠨᠵᠢᠯᠡᠬᠦ ᠤᠬᠠᠭᠠᠨᠴᠢ ᠪᠡᠷ ᠳᠠᠨᠢᠵᠤ ᠴᠢᠳᠠᠭᠰᠠᠨ ᠦᠭᠡᠢ᠂ ᠬᠠᠷᠢᠨ ᠳᠡᠭᠦᠨ ᠢ ᠨᠢᠭᠡ ᠵᠦᠢᠯ ᠤᠨ《 ᠬᠠᠴᠢᠨ ᠵᠢᠭᠳᠡᠢ》 ᠦᠵᠡᠭᠳᠡᠯ ᠪᠤᠯᠭᠠᠬᠤ ᠶᠢᠨ ᠳᠠᠭᠠᠤ ᠬᠦᠮᠦᠨ ᠦ ᠤᠷᠳᠤ ᠨᠠᠰᠤᠨ ᠦ ᠬᠡᠮᠵᠢᠶ ᠠ ᠶᠢ 《ᠵᠠᠭᠤ》ᠬᠡᠵᠦ ᠲᠤᠭᠳᠠᠭᠠᠭᠭᠠᠳ 《ᠵᠠᠭᠤ》ᠬᠡᠬᠦ ᠲᠤᠭᠠᠨ ᠦ 《ᠪᠦᠷᠢᠨ ᠳᠡᠭᠦᠰ》᠂《ᠡᠴᠦᠰ ᠲᠤᠢ᠌ᠯ》ᠬᠡᠳᠡᠭ ᠤᠢ᠌ᠯᠠᠭᠠᠯᠲᠠ ᠡᠴᠡ ᠡᠭᠦᠰᠴᠦ᠂ ᠬᠦᠮᠦᠨ ᠵᠠᠭᠤᠨ ᠨᠠᠰᠤᠯᠠᠬᠤ ᠨᠢ ᠮᠠᠭᠤ ᠬᠡᠵᠦ ᠦᠵᠡᠳᠡᠭ᠃ ᠡᠢ᠌ᠮᠦ ᠡᠴᠡ ᠳᠡᠳᠡᠨ ᠵᠠᠭᠤᠨ ᠨᠠᠰᠤ ᠪᠡᠨ ᠨᠢᠭᠤᠨ ᠳᠠᠯᠳᠠᠯᠠᠵᠤ ᠡᠶᠡᠷᠡᠭᠦᠯᠦᠨ ᠬᠡᠯᠡᠳᠡᠭ ᠵᠠᠩᠰᠢᠯ ᠲᠠᠢ ᠪᠤᠯᠵᠠᠢ᠃ |