摘要 |
ᠮᠠᠨᠵᠤ ᠬᠡᠯᠡᠨ ᠤ ᠰᠣᠳᠤᠯᠭᠰᠨ ᠤ ᠣᠷᠴᠢᠨ ᠳᠤ ᠠᠪᠴᠦ ᠦᠵᠡᠪᠡᠯ᠂ᠮᠠᠨᠵᠦ ᠬᠡᠯᠡᠨ ᠤ ᠦᠢᠯᠡ ᠦᠭᠡᠨ ᠳᠤ ᠪᠠᠢᠢᠳᠠᠯ ᠤᠨ ᠠᠢ ᠪᠠᠢᠢᠬᠤ ᠡᠰᠡᠬᠦ ᠲᠣᠬᠠᠢ ᠵᠣᠬᠢᠬᠤ ᠵᠠᠷᠢᠮ ᠬᠡᠯᠡ ᠰᠢᠨᠵᠢᠯᠡᠭᠡᠲᠡᠳ ᠦᠭᠡᠢᠢᠰᠭᠡᠬᠦ ᠪᠣᠶᠣ ᠰᠡᠵᠢᠭᠯᠡᠬᠦ ᠣᠪᠤᠷ ᠠᠪᠴᠦ ᠪᠠᠢᠢᠭᠰᠠᠨ ᠪᠠᠢᠢᠨ᠌ ᠠ᠃ ᠭᠡᠪᠡᠴᠦ ᠣᠷᠴᠢᠨ ᠤ ᠵᠢᠯ ᠳᠤ ᠵᠠᠷᠢᠮ ᠰᠣᠳᠤᠯᠤᠭᠴᠢᠳ ᠠᠩᠬᠠᠷᠤᠯ ᠳ᠋ᠤ ᠪᠠᠨ ᠠᠪᠴᠤ ᠰᠣᠳᠤᠯᠵᠤ ᠡᠬᠢᠯᠠᠭ᠍ᠰᠡᠨ ᠪᠠ ᠬᠣᠶᠡᠷ ᠢᠢᠡᠷ ᠠᠩᠭᠢᠯᠠᠬᠤ ᠲᠦᠷᠪᠡᠷ ᠪᠡᠷ ᠠᠩᠬᠢᠯᠡᠬᠤ᠂ ᠲᠠᠪᠤ ᠪᠡᠷ ᠠᠩᠬᠢᠯᠠᠬᠤ᠂ᠵᠢᠷᠭᠤᠭ᠋ ᠠ ᠪᠡᠷ ᠠᠩᠭᠢᠯᠠᠬᠤ ᠶᠢᠰᠦ ᠪᠡᠷ ᠠᠩᠭᠢᠯᠠᠬᠤ ᠵᠡᠷᠭᠡ ᠠᠳᠠᠯᠢ ᠪᠣᠰᠤ ᠪᠡᠷ ᠠᠩᠭᠢᠯᠠᠵᠤ ᠰᠢᠨᠵᠢᠯᠡᠭᠰᠡᠨ ᠪᠠᠢᠢᠨ᠌ ᠠ᠃ ᠲᠤᠰ ᠦᠭᠦᠯᠡᠯ ᠳᠤ᠂ᠪᠦᠭᠦᠲᠡ ᠶᠢᠰᠦᠨ ᠵᠦᠢᠯ ᠳᠤ ᠠᠩᠭᠢᠯᠠᠵᠤ ᠨᠠᠷᠢᠪᠴᠢᠯᠠᠨ ᠰᠣᠳᠤᠯᠵᠤ᠂ ᠮᠠᠨᠵᠤ ᠬᠡᠯᠡᠨ ᠤ ᠦᠢᠯᠡ ᠶᠢᠨ ᠪᠠᠢᠢᠳᠠᠯ ᠤᠨ ᠤᠳᠬ ᠠ ᠨᠢ ᠲᠤᠰᠬᠠᠢ ᠲᠠᠭᠠᠪᠤᠷᠢ ᠵᠠᠯᠭᠠᠬᠤ ᠠᠷᠭ᠋ ᠠ᠂ ᠦᠭᠡ ᠲᠠᠪᠲᠠᠬᠤ ᠠᠷᠭ᠋ ᠠ᠂ ᠲᠤᠰᠠᠯᠠᠬᠤ ᠦᠭᠡ ᠬᠠᠪᠰᠤᠷᠭᠠᠬᠤ ᠠᠷᠭ᠋ ᠠ ᠵᠡᠷᠭᠡ ᠭᠤᠷᠪᠠᠨ ᠵᠦᠢᠯ ᠤᠨ ᠬᠡᠯᠡᠨ ᠤ ᠵᠦᠢ ᠶᠢᠨ ᠠᠷᠭ᠋ ᠠ ᠪᠡᠷ ᠢᠯᠡᠷᠡᠳᠡᠭ ᠶᠣᠮ ᠭᠡᠵᠦ ᠵᠢᠭᠠᠵᠤ ᠭᠠᠷᠭᠠᠭᠰᠠᠨ ᠪᠠᠢᠢᠨ᠌ ᠠ᠃ |