摘要 |
ᠪᠠᠭᠰᠢ ᠭᠡᠳᠡᠭ ᠦᠭᠡ ᠶᠢᠨ ᠢᠵᠠᠭᠤᠷ ᠪᠣᠯ ᠪᠡᠬᠢ ᠶᠢᠨ ᠴᠢᠩᠭ᠋ ᠠ ᠲᠠᠭᠤᠳᠠᠯᠭ᠋ ᠠ ᠪᠡᠬᠢ ᠪᠣᠯᠤᠨ᠌ ᠠ᠃ ᠲᠡᠷᠡ ᠨᠢ ᠮᠡᠳᠡᠯᠭᠡ ᠪᠣᠯᠪᠠᠰᠤᠷᠠᠯ ᠲᠠᠢ᠂ ᠬᠡᠴᠡᠭᠦᠦ ᠰᠦᠷᠡᠬᠡᠢ᠂ ᠪᠢᠯᠢᠭ ᠪᠠᠭᠠᠲᠤᠷ ᠬᠦᠮᠦᠨ ᠳᠤ ᠦᠭᠳᠡᠭ ᠡᠷᠭᠦᠮᠵᠢ ᠶᠢᠨ ᠴᠣᠯᠠ ᠪᠣᠯᠬᠤᠷ ᠬᠢᠲᠠᠳ ᠢᠢᠡᠷ ᠱᠢ(师)ᠭᠡᠵᠦ ᠣᠷᠴᠢᠭᠤᠯᠤᠭᠠᠳ ᠤᠳᠬ ᠠ ᠲᠡᠩᠴᠡᠭᠦᠦ ᠦᠭᠡ ᠪᠣᠯᠭᠠᠨ ᠬᠤᠯᠪᠤᠵᠦ ᠪᠠᠭᠰᠢ ᠭᠡᠵᠦ ᠲᠠᠭᠤᠳᠠᠬᠤ ᠪᠣᠯᠵᠠᠢ᠃ ᠨᠡᠨ ᠦᠭᠡ ᠬᠦᠦᠰᠢ᠂ ᠲᠠᠢᠢᠰᠢ ᠵᠡᠷᠭᠡ ᠬᠢᠲᠠᠳ ᠭᠠᠷᠤᠯ ᠲᠠᠢ ᠦᠭᠡ ᠨᠤᠭᠦᠳ ᠲᠠᠢ ᠬᠠᠮᠲᠤ ᠶᠣᠸᠠᠨ ᠤᠯᠤᠰ ᠤᠨ ᠦᠶ ᠡ ᠳᠤ ᠮᠣᠩᠭ᠋ᠤᠯ ᠬᠡᠯᠡᠨ ᠳᠤ ᠣᠷᠤᠵᠤ ᠢᠷᠡᠭᠰᠡᠨ ᠡᠴᠡ 《ᠮᠣᠩᠭ᠋ᠤᠯ ᠤᠨ ᠨᠢᠭᠤᠴᠠ ᠲᠣᠪᠴᠢᠶᠠᠨ》 ᠳᠤ ᠢᠳᠡᠪᠬᠢᠲᠡᠢ ᠬᠡᠷᠡᠭᠯᠡᠭᠳᠡᠵᠦ ᠪᠠᠢᠢᠭᠰᠠᠨ ᠪᠡᠬᠢ ᠭᠡᠳᠡᠢ ᠦᠭᠡ ᠪᠠᠢᠢᠷᠢ ᠪᠠᠨ ᠲᠡᠭᠦᠨ ᠳᠤ ᠶᠡᠭᠦᠯᠡᠵᠦ ᠦᠭᠴᠡᠢ᠃ |